ᠨᠢᠭᠡ ᠵᠦᠢᠯ ᠤᠨ ᠰᠢᠳᠦ ᠶᠢ ᠤᠨᠠᠭᠠᠳᠠᠭ ᠡᠪᠡᠳᠴᠢᠨ
ᠨᠡᠶᠢᠲᠡᠯᠡᠭᠰᠡᠨ ᠴᠠᠭ᠄
2024/7/18
      ᠪᠤᠶᠢᠯᠠ ᠶᠢᠨ ᠦᠷᠪᠢᠰᠦᠯ ᠪᠣᠯ ᠪᠢᠳᠡᠨ ᠤ ᠰᠢᠳᠦ ᠶᠢ ᠠᠮᠠᠷᠬᠠᠨ ᠤᠨᠠᠭᠠᠳᠠᠭ ᠬᠡᠷᠡᠭ ᠤᠨ ᠡᠵᠡᠨ ᠶᠤᠮ᠃  ᠡᠶᠢᠮᠦ ᠡᠪᠡᠳᠴᠢᠨ ᠢ ᠮᠠᠰᠢ ᠣᠯᠠᠨ ᠬᠥᠮᠥᠨ ᠵᠠᠯᠠᠭᠤ ᠪᠠᠶᠢᠬᠤ ᠳᠠᠭᠠᠨ ᠳᠡᠮᠡᠢ ᠠᠩᠬᠠᠷᠤᠯ ᠳᠠᠭᠠᠨ ᠠᠪᠳᠠᠭ ᠦᠭᠡᠢ᠂ ᠰᠢᠳᠦ ᠨᠢ ᠤᠨᠠᠭᠠᠳ ᠢᠷᠡᠬᠦ ᠲᠠᠢ ᠵᠡᠷᠭᠡ ᠰᠠᠶ᠋ᠢ ᠠᠩᠬᠠᠷᠤᠯ ᠳᠠᠭᠠᠨ ᠠᠪᠳᠠᠭ ᠪᠠᠶᠢᠨ᠎ᠠ᠂ ᠭᠡᠲᠡᠯ᠎ᠡ ᠡᠨᠡ ᠦᠶ᠎ᠡ ᠪᠤᠯᠬᠤ  ᠳᠤ ᠨᠢᠭᠡᠨᠲᠡ ᠤᠷᠦ᠋ᠢᠳᠠᠬᠰᠠᠨ ᠪᠠᠶᠢᠳᠠᠭ᠃ ᠪᠤᠶᠢᠯᠠ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ ᠳᠤ ᠮᠠᠰᠢ ᠤᠳᠠᠭᠠᠨ ᠪᠠᠶᠢᠳᠠᠭ ᠶᠤᠮ᠂ ᠰᠠᠶ᠋ᠢ ᠦᠷᠪᠢᠰᠬᠦ ᠦᠶ᠎ᠡ ᠶᠢᠨ ᠢᠯᠡᠷᠡᠯ ᠭᠡᠪᠡᠯ᠄ ᠪᠤᠶᠢᠯᠠ ᠵᠢᠭᠠᠬᠠᠨ ᠤᠯᠠᠶᠢᠬᠤ᠂  ᠵᠢᠭᠠᠬᠠᠨ ᠴᠢᠰᠤ ᠭᠠᠷᠬᠤ ᠪᠤᠶᠤ ᠡᠰᠡᠬᠦᠯ᠎ᠡ ᠠᠯᠮᠤᠷᠠᠳ ᠢᠳᠡᠬᠦ ᠳᠤ ᠬᠠᠵᠠᠭᠰᠠᠨ ᠬᠡᠰᠡᠭ  ᠲᠤᠨᠢ ᠴᠢᠰᠤᠨ ᠣᠷᠣ  ᠦᠯᠡᠳᠡᠳᠡᠭ᠃ ᠡᠨᠡ ᠦᠶ᠎ᠡ ᠳᠤ ᠰᠢᠳᠦ ᠪᠠᠨ ᠡᠮᠨᠡᠯᠭᠡ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ ᠡᠪᠡᠳᠬᠦ ᠶᠢ ᠵᠣᠭᠰᠤᠭᠠᠬᠤ ᠶᠢ ᠪᠤᠳᠤᠬᠤ ᠳᠤ ᠬᠦᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ ᠰᠢᠳᠦᠨ ᠤ ᠤᠭ ᠨᠢ ᠢᠯᠡᠷᠡᠨ ᠭᠠᠷᠪᠠᠯ᠂ ᠰᠢᠳᠦ ᠬᠥᠳᠡᠯᠬᠦ  ᠨᠢ ᠤᠯᠠᠮ ᠠᠴᠠ ᠤᠯᠠᠮ ᠬᠦᠨᠳᠦ ᠪᠣᠯᠣᠨ᠎ᠠ᠃             ᠪᠤᠶᠢᠯᠠ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖          1.ᠰᠢᠳᠦ ᠪᠠᠨ ᠤᠬᠢᠶᠠᠬᠤ           2. ᠪᠣᠬᠢᠷᠲᠤᠭᠰᠠᠨ ᠬᠡᠰᠡᠭ ᠢ ᠬᠤᠰᠤᠵᠤ ᠠᠷᠢᠯᠭᠠᠬᠤ           3. ᠪᠤᠶᠢᠯᠠ ᠶᠢᠨ ᠮᠡᠰᠡ ᠵᠠᠰᠠᠯ ᠬᠢᠯᠭᠡᠬᠦ           4. ᠡᠮ ᠢᠶᠠᠷ ᠵᠠᠰᠠᠬᠤ          5. ᠡᠯᠡᠭᠳᠡᠭᠰᠡᠨ ᠰᠢᠳᠦ ᠶᠢ ᠲᠡᠭᠰᠢᠯᠡᠵᠦ ᠵᠠᠰᠠᠬᠤ 
ᠢᠷᠡᠯᠲᠡ᠄ ᠠᠷᠠᠳ ᠤᠨ ᠰᠦᠯᠵᠢᠶ᠎ᠡ