ᠨᠤᠲᠤᠭ ᠤᠨ ᠳᠤᠷᠠᠰᠤᠮᠵᠢ
ᠨᠡᠶᠢᠲᠡᠯᠡᠭᠰᠡᠨ ᠴᠠᠭ᠄
2024/7/18
      ᠥᠯᠥᠭᠡᠢ ᠨᠤᠲᠤᠭ ᠢᠶᠠᠨ ᠳᠤᠷᠠᠰᠬᠤ ᠪᠦᠷᠢ       ᠥᠷᠥᠴᠡ ᠴᠡᠭᠡᠵᠢᠨ ᠳᠤ ᠬᠠᠶᠢᠷ᠎ᠠ ᠪᠢᠯᠬᠠᠨ᠎ᠠ       ᠥᠭᠭᠢᠶᠡᠮᠦᠷ ᠳᠠᠩᠰᠤᠭ ᠢ ᠨᠢ ᠪᠤᠳᠤᠬᠤ ᠪᠣᠯᠭᠠᠨ       ᠦᠵᠡᠰᠭᠦᠯᠡᠩ ᠪᠠᠷ᠎ᠠ ᠨᠢ ᠨᠢᠳᠦᠨ ᠳᠤ ᠲᠣᠳᠣᠷᠠᠨ᠎ᠠ       ᠥᠭᠡᠳᠡᠩ ᠲᠣᠷᠭᠠᠨ ᠡᠯᠡᠰᠦ ᠮᠠᠩᠬᠠᠨ       ᠥᠰᠴᠦ ᠲᠦᠷᠦᠭᠰᠡᠨ ᠡᠷᠳᠡᠨᠢ ᠶᠢᠨ ᠥᠯᠥᠭᠡᠢ       ᠥᠳᠬᠡᠨ ᠰᠢᠭᠤᠶᠢᠲᠤ ᠳᠠᠯᠤᠳᠤ ᠶᠢᠨ ᠵᠤᠰᠠᠯᠠᠩ       ᠥᠨᠢᠷ ᠲᠦᠮᠡᠨ ᠤ ᠵᠢᠷᠭᠠᠯ ᠤᠨ ᠣᠷᠣᠨ       ᠤᠷᠢᠳᠤ ᠳᠡᠭᠡᠳᠦ ᠶᠢᠨ ᠦᠶ᠎ᠡ ᠠᠴᠠ       ᠤᠰᠤᠨ ᠦᠬᠡᠷ ᠤᠨ ᠲᠤᠮᠤᠭ ᠲᠠᠢ       ᠤᠷᠠᠨ ᠬᠤᠭᠤᠯᠠᠶᠢᠲᠤ ᠭᠤᠷᠭᠤᠤᠯᠳᠠᠢ ᠶᠢᠨ       ᠤᠶᠠᠩᠭ᠎ᠠ ᠶᠢᠨ ᠢᠷᠠᠭᠤ ᠵᠢᠷᠭᠢᠭᠡᠨ ᠲᠠᠢ       ᠰᠦᠩ ᠬᠠᠯᠢᠶᠠᠳᠦ ᠰᠢᠷᠭ᠎ᠠ ᠶᠢᠨ ᠨᠠᠭᠤᠷ       ᠰᠦᠨ ᠰᠢᠮ᠎ᠡ ᠶᠢᠨ ᠤᠨᠳᠤᠷᠤᠯ ᠲᠠᠢ       ᠰᠦᠷᠦᠭ ᠮᠠᠯ ᠢᠶᠠᠨ ᠤᠮᠳᠠᠯᠠᠵᠤ       ᠰᠦᠵᠢᠷᠡᠨ ᠢᠪᠢᠯᠦᠭᠰᠡᠨ ᠷᠠᠰᠢᠶᠠᠨ ᠲᠠᠢ       ᠠᠬᠤᠢ ᠨᠤᠲᠤᠭ ᠤᠨ ᠠᠯᠳᠠᠷ ᠢ ᠮᠠᠨᠳᠤᠭᠤᠯᠤᠭᠰᠠᠨ       ᠠᠷᠠᠳ ᠤᠨ ᠴᠡᠷᠢᠭ ᠤᠨ ᠰᠠᠭᠤᠷᠢᠨ ᠲᠠᠢ       ᠠᠷᠠᠳᠴᠢᠯᠠᠭᠰᠠᠨ ᠬᠤᠪᠢᠰᠬᠠᠯ ᠤᠨ ᠲᠥᠯᠥᠭᠡ ᠦᠷᠡᠭᠳᠡᠭᠰᠡᠨ       ᠠᠤᠭ᠎ᠠ ᠪᠠᠭᠠᠲᠤᠷᠴᠤᠳ ᠤᠨ ᠭᠠᠪᠢᠶ᠎ᠠ ᠲᠠᠢ       ᠥᠯᠥᠭᠡᠢ ᠨᠤᠲᠤᠭ ᠢᠶᠠᠨ ᠳᠤᠷᠠᠰᠬᠤ ᠪᠦᠷᠢ       ᠥᠷᠥᠴᠡ ᠴᠡᠭᠡᠵᠢᠨ ᠳᠤ ᠬᠠᠶᠢᠷ᠎ᠠ ᠪᠢᠯᠬᠠᠨ᠎ᠠ       ᠥᠭᠭᠢᠶᠡᠮᠦᠷ ᠳᠠᠩᠰᠤᠭ ᠢ ᠨᠢ ᠪᠤᠳᠤᠬᠤ ᠪᠣᠯᠭᠠᠨ       ᠦᠵᠡᠰᠭᠦᠯᠡᠩ ᠪᠠᠷ᠎ᠠ ᠨᠢ ᠨᠢᠳᠦᠨ ᠳᠤ ᠲᠣᠳᠣᠷᠠᠨ᠎ᠠ᠃    
ᠢᠷᠡᠯᠲᠡ᠄ ᠰᠢᠯᠢ ᠶᠢᠨ ᠭᠤᠣᠯ ᠤᠨ ᠮᠣᠩᠭᠤᠯ ᠰᠣᠨᠢᠨ