ᠭᠡᠵᠢᠭᠡ ᠴᠠᠶᠢᠬᠤ
ᠨᠡᠶᠢᠲᠡᠯᠡᠭᠰᠡᠨ ᠴᠠᠭ᠄
2024/7/22
      ᠨᠢᠭᠡ᠂ ᠳᠠᠷᠤᠭᠠᠰᠤ ᠬᠦᠨᠳᠦᠷᠡᠬᠦ᠄ ︽ᠳᠠᠷᠤᠯᠲᠠ︾ ᠨᠢ ᠰᠣᠯᠪᠢᠭᠤ ᠮᠡᠳᠡᠷᠡᠯ ᠢ ᠢᠳᠡᠪᠬᠢᠵᠢᠭᠦᠯᠬᠦ ᠶᠢᠨ ᠤᠯᠠᠮ ᠠᠴᠠ ᠬᠠᠷ᠎ᠠ ᠦᠩᠬᠡᠰᠦ ᠪᠣᠯᠣᠨ ᠵᠠᠷᠢᠮ ᠤᠭᠤᠷᠠᠭ ᠢ ᠬᠤᠪᠢᠷᠠᠭᠤᠯᠳᠠᠭ︔      ᠬᠤᠶᠠᠷ᠂ ᠰᠥᠨᠢᠵᠢᠨ ᠦᠯᠦ ᠤᠨᠲᠠᠬᠤ᠄ ᠨᠣᠶᠢᠷ ᠳᠤᠲᠠᠭᠤᠳᠠᠬᠤ ᠨᠢ ᠬᠠᠷ᠎ᠠ ᠥᠩᠬᠡᠰᠦ ᠶᠢᠨ ᠢᠯᠭᠠᠷᠠᠭᠤᠯᠤᠯᠳᠠ ᠶᠢ ᠨᠥᠯᠥᠭᠡᠯᠡᠳᠡᠭ︔      ᠭᠤᠷᠪᠠ᠂ ᠬᠡᠵᠢᠭᠡ ᠶᠢᠨ ᠬᠡᠯᠪᠡᠷᠢ ᠦᠯᠦ ᠲᠣᠬᠢᠷᠠᠬᠤ᠄ ᠦᠷᠬᠦᠯᠵᠢ ᠬᠡᠵᠢᠭᠡ ᠪᠠᠨ ᠳᠡᠭ ᠳᠤᠮᠳᠠᠭᠤᠷ ᠨᠢ ᠪᠤᠶᠤ ᠭᠤᠷᠪᠠ ᠳᠤᠯᠤᠭ᠎ᠠ ᠬᠤᠪᠢᠶᠠᠪᠠᠯ ᠬᠦᠪᠡᠭᠡ ᠵᠠᠬ᠎ᠠ ᠪᠠᠷ ᠨᠢ ᠴᠠᠭᠠᠨ ᠦᠰᠦ ᠤᠷᠭᠤᠳᠠᠭ︔      ᠳᠥᠷᠪᠡ᠂ ᠬᠡᠳᠦ ᠲᠦᠷᠭᠡᠨ ᠮᠠᠷᠢᠶ᠎ᠠ ᠪᠠᠨ ᠰᠢᠭᠤᠷᠠᠭᠤᠯᠬᠤ᠄ ᠰᠢᠮ᠎ᠡ ᠲᠡᠵᠢᠭᠡᠯ ᠳᠤᠲᠠᠭᠳᠠᠬᠤ᠂ ᠸᠢᠲ᠋ᠠᠮᠢᠨ B ᠶᠢᠨ ᠲᠦᠷᠦᠯ ᠳᠤᠲᠠᠭᠳᠠᠬᠤ ᠨᠢ ᠭᠡᠵᠢᠭᠡᠨ ᠤ ᠥᠩᠭᠡ ᠶᠢ ᠭᠦᠢᠬᠡᠨ ᠪᠣᠯᠭᠠᠳᠠᠭ︔      ᠲᠠᠪᠤ᠂ ᠲᠠᠮᠠᠬᠢ ᠲᠠᠲᠠᠬᠤ᠄ ᠲᠠᠮᠠᠬᠢᠨ ᠬᠤᠷᠤᠬᠠᠶᠢᠲᠠᠳ ᠤᠨ ᠭᠡᠵᠢᠬᠡ ᠡᠷᠲᠡ ᠴᠠᠶᠢᠬᠤ ᠨᠤᠷᠮ᠎ᠠ ᠨᠢ ᠲᠠᠮᠠᠬᠢ ᠲᠠᠲᠠᠬᠤ ᠦᠭᠡᠢ ᠬᠥᠮᠥᠰ ᠤᠨ 2 ᠠᠴᠠ 4 ᠳᠠᠬᠢᠨ ᠪᠠᠶᠢᠳᠠᠭ᠃   
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ