︽ᠦᠶᠤᠸᠠᠨ ᠰᠢᠶᠠᠨ ᠤ ︿ᠵᠢᠭᠤᠯᠴᠢᠯᠠᠯ ᠤᠨ ᠳᠥᠷᠪᠡᠨ ᠭᠠᠵᠠᠷ﹀  ᠢ ᠡᠭᠦᠳᠦᠨ ᠪᠠᠶᠢᠭᠤᠯᠬᠤ ᠶᠢᠨ ᠬᠡᠷᠡᠭᠵᠢᠭᠦᠯᠬᠦ ᠲᠥᠰᠥᠯ︾  ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2024/7/3
              ᠦᠶᠤᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ      ︽ᠦᠶᠤᠸᠠᠨ ᠰᠢᠶᠠᠨ ᠤ ︿ᠵᠢᠭᠤᠯᠴᠢᠯᠠᠯ ᠤᠨ ᠳᠥᠷᠪᠡᠨ ᠭᠠᠵᠠᠷ﹀  ᠢ ᠡᠭᠦᠳᠦᠨ ᠪᠠᠶᠢᠭᠤᠯᠬᠤ ᠶᠢᠨ ᠬᠡᠷᠡᠭᠵᠢᠭᠦᠯᠬᠦ ᠲᠥᠰᠥᠯ︾  ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ      ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠰᠢᠶᠠᠨ ᠤ ᠰᠢᠭᠤᠳ ᠬᠠᠷᠢᠶ᠎ᠠ᠂ ᠰᠢᠶᠠᠨ ᠳᠤ ᠰᠠᠭᠤᠭ᠎ᠠ ᠡᠯ᠎ᠡ ᠬᠤᠯᠪᠣᠭᠳᠠᠯ ᠪᠦᠬᠦᠢ ᠨᠢᠭᠡᠴᠢ ᠳᠤ       ᠰᠢᠶᠠᠨ ᠤ ᠵᠠᠰᠠᠭ ᠤᠨ ᠣᠷᠳᠣᠨ ᠰᠤᠳᠤᠯᠤᠨ ᠲᠣᠭᠲᠠᠭᠠᠭᠠᠳ᠂ ᠡᠳᠦᠭᠡ ︽ᠦᠶᠤᠸᠠᠨ ᠰᠢᠶᠠᠨ ᠤ ︿ᠵᠢᠭᠤᠯᠴᠢᠯᠠᠯ ᠤᠨ ᠳᠥᠷᠪᠡᠨ ᠭᠠᠵᠠᠷ﹀  ᠢ ᠡᠭᠦᠳᠦᠨ ᠪᠠᠶᠢᠭᠤᠯᠬᠤ ᠶᠢᠨ ᠬᠡᠷᠡᠭᠵᠢᠭᠦᠯᠬᠦ ᠲᠥᠰᠥᠯ︾  ᠢ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠬᠢᠨᠠᠮᠠᠭᠠᠢ ᠲᠤᠤᠱᠯᠠᠭᠤᠯᠤᠨ ᠬᠡᠷᠡᠭᠵᠢᠭᠦᠯᠲᠦᠭᠡᠢ᠃                                                  ᠦᠶᠤᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ                                                       2024 ᠣᠨ ᠤ 5 ᠰᠠᠷ᠎ᠠ ᠶᠢᠨ 6  ᠤ ᠡᠳᠦᠷ              ᠦᠶᠤᠸᠠᠨ ᠰᠢᠶᠠᠨ ᠤ ︽ᠵᠢᠭᠤᠯᠴᠢᠯᠠᠯ ᠤᠨ ᠳᠥᠷᠪᠡᠨ ᠭᠠᠵᠠᠷ︾  ᠢ ᠴᠣᠭᠴᠠᠯᠠᠬᠤ ᠶᠢᠨ ᠬᠡᠷᠡᠭᠵᠢᠭᠦᠯᠬᠦ ᠲᠥᠰᠥᠯ                                       ( 2024 - 2025 ᠣᠨ )      ︽ᠪᠠᠶᠠᠨᠨᠠᠭᠤᠷ ᠬᠤᠲᠠ ᠶᠢᠨ ︿ᠵᠢᠭᠤᠯᠴᠢᠯᠠᠯ ᠤᠨ ᠳᠥᠷᠪᠡᠨ ᠭᠠᠵᠠᠷ﹀  ᠢ ᠡᠭᠦᠳᠦᠨ ᠪᠠᠶᠢᠭᠤᠯᠬᠤ ᠶᠢᠨ ᠬᠡᠷᠡᠭᠵᠢᠭᠦᠯᠬᠦ ᠲᠥᠰᠥᠯ ( 2024 - 2025 ᠣᠨ )︾ ( ᠪᠠᠶᠠᠨᠨᠠᠭᠤᠷ ᠵᠠᠰᠠᠭ ᠠᠯᠪᠠᠨ ᠲᠠᠷᠬᠠᠭᠠᠭᠰᠠᠨ 2024 . 4 ᠳ᠋ᠦ᠋ᠭᠡᠷ ᠲᠣᠭᠠᠲᠤ )  ᠤᠨ ᠵᠣᠷᠢᠭ ᠰᠠᠨᠠᠭ᠎ᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠥᠪᠡᠰᠦᠪᠡᠨ ᠲᠡᠷᠭᠡ ᠵᠢᠯᠤᠭᠤᠳᠴᠤ ᠵᠢᠭᠤᠯᠴᠢᠯᠠᠬᠤ ᠶᠢᠨ ᠰᠣᠩᠭᠤᠬᠤ ᠭᠠᠵᠠᠷ᠂ ᠬᠡᠭᠡᠷ᠎ᠡ ᠪᠠᠭᠤᠳᠠᠯᠯᠠᠵᠤ ᠵᠢᠭᠤᠯᠴᠢᠯᠠᠬᠤ ᠶᠢᠨ ᠰᠣᠩᠭᠤᠬᠤ ᠭᠠᠵᠠᠷ᠂ ᠠᠮᠠᠷᠠᠨ ᠵᠤᠭᠠᠴᠠᠬᠤ ᠶᠢᠨ ᠵᠠᠪᠠᠯ ᠰᠣᠩᠭᠤᠬᠤ ᠭᠠᠵᠠᠷ᠂ ᠡᠷᠡᠭᠦᠯᠵᠢᠯ ᠰᠤᠪᠢᠯᠠᠯᠲᠠ ᠶᠢᠨ ᠵᠢᠭᠤᠯᠴᠢᠯᠠᠯ ᠤᠨ ᠰᠣᠩᠭᠤᠬᠤ ᠭᠠᠵᠠᠷ ( ︽ᠳᠥᠷᠪᠡᠨ ᠭᠠᠵᠠᠷ︾ ᠭᠡᠵᠦ ᠲᠣᠪᠴᠢᠯᠠᠨ᠎ᠠ )  ᠤᠨ ᠪᠦᠲᠦᠭᠡᠨ ᠪᠠᠶᠢᠭᠤᠯᠤᠯᠲᠠ ᠶᠢ ᠰᠢᠨᠵᠢᠯᠡᠬᠦ ᠤᠬᠠᠭᠠᠨᠴᠢ ᠪᠥᠭᠡᠳ ᠡᠮᠬᠢ ᠵᠢᠷᠤᠮ ᠲᠠᠢ ᠠᠬᠢᠭᠤᠯᠬᠤ ᠶᠢᠨ ᠲᠤᠰᠠᠳᠠ᠂ ᠪᠣᠳᠠᠲᠠᠢ ᠲᠠᠢ ᠪᠠᠨ ᠤᠶᠠᠯᠳᠤᠭᠤᠯᠤᠨ᠂ ᠲᠣᠰ ᠲᠥᠰᠥᠯ ᠢ ᠲᠣᠭᠲᠠᠭᠠᠪᠠ᠃      ᠨᠢᠭᠡ᠂ ᠶᠡᠷᠦᠩᠬᠡᠢ ᠱᠠᠭᠠᠷᠳᠠᠯᠭ᠎ᠠ      ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ᠂ ᠨᠠᠮ ᠤᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠪᠠ᠂ ᠰᠢ ᠶᠢᠨ ᠫᠢᠩ ᠤᠨ ᠰᠣᠶᠣᠯ ᠦᠵᠡᠯ ᠰᠠᠨᠠᠭ᠎ᠠ ᠪᠣᠯᠣᠨ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠪᠠᠶᠠᠨᠨᠠᠭᠤᠷ ᠲᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠶᠠᠷᠢᠶ᠎ᠠ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠣᠯ ᠰᠢᠵᠢᠮ ᠪᠣᠯᠭᠠᠨ᠎ᠠ᠂ ︽ᠤᠮᠠᠷᠠᠲᠤ ᠬᠢᠯᠢ ᠶᠢᠨ ᠰᠣᠶᠣᠯ︾  ᠤᠨ ᠨᠠᠷᠠᠲᠤ ᠲᠡᠮᠳᠡᠭ ᠢ ᠡᠭᠦᠳᠬᠦ ᠪᠠᠷ ᠭᠠᠷᠳᠠᠴᠠ ᠪᠣᠯᠭᠠᠨ᠎ᠠ᠂ ︽ᠵᠢᠭᠤᠯᠴᠢᠯᠠᠯ ᠤᠨ ᠳᠥᠷᠪᠡᠨ ᠭᠠᠵᠠᠷ︾  ᠤᠨ ᠪᠦᠲᠦᠭᠡᠨ ᠪᠠᠶᠢᠭᠤᠯᠤᠯᠲᠠ ᠳᠤ ᠠᠩᠬᠠᠷᠤᠯ ᠢᠶᠠᠨ ᠲᠥᠪᠯᠡᠷᠡᠭᠦᠯᠦᠨ᠎ᠡ᠂ ᠰᠣᠶᠣᠯ ᠪᠠ ᠵᠢᠭᠤᠯᠴᠢᠯᠠᠯ ᠤᠨ ᠡᠬᠢ ᠪᠠᠶᠠᠯᠢᠭ ᠢ ᠪᠦᠲᠦᠮᠵᠢᠲᠡᠢ ᠡᠮᠬᠢᠯᠡᠨ ᠨᠡᠶᠢᠯᠡᠭᠦᠯᠵᠦ ᠠᠰᠢᠭᠯᠠᠨ᠎ᠠ᠂ ᠵᠢᠭᠤᠯᠴᠢᠯᠠᠯ ᠤᠨ ᠪᠦᠲᠦᠭᠡᠭᠳᠡᠬᠦᠨ ᠤ ᠬᠠᠩᠭᠠᠯᠭ᠎ᠠ ᠶᠢ ᠪᠠᠶᠠᠯᠢᠭᠵᠢᠭᠤᠯᠤᠨ᠎ᠠ᠂ ᠵᠢᠭᠤᠯᠴᠢᠯᠠᠯ ᠤᠨ ᠦᠢᠯᠡᠴᠢᠯᠡᠭᠡᠨ ᠤ ᠰᠢᠰᠲ᠋ᠧᠮ ᠢ ᠲᠡᠭᠦᠯᠳᠡᠷᠵᠢᠭᠦᠯᠦᠨ᠎ᠡ᠂ ᠪᠦᠬᠦ ᠰᠢᠶᠠᠨ ᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠪᠡᠶᠡᠯᠡᠭᠦᠯᠬᠦ ᠶᠢ ᠠᠬᠢᠭᠤᠯᠤᠨ᠎ᠠ᠃      ᠬᠤᠶᠠᠷ᠂ ᠠᠵᠢᠯ ᠤᠨ ᠬᠠᠷᠠᠯᠲᠠ      2025 ᠣᠨ ᠤ ᠡᠴᠦᠰ ᠪᠣᠯᠬᠤ ᠳᠤ᠂ ᠪᠥᠬᠦ ᠰᠢᠶᠠᠨ ᠤ ︽ᠵᠢᠭᠤᠯᠴᠢᠯᠠᠯ ᠤᠨ ᠳᠥᠷᠪᠡᠨ ᠭᠠᠵᠠᠷ︾  ᠤᠨ ᠪᠦᠲᠦᠭᠡᠨ ᠪᠠᠶᠢᠭᠤᠯᠤᠯᠲᠠ ᠶᠢᠨ ᠶᠡᠷᠦᠩᠬᠡᠢ ᠬᠡᠮᠵᠢᠶ᠎ᠡ ᠶᠢ 4  ᠳᠤ ᠬᠦᠷᠦᠭᠦᠯᠦᠨ᠎ᠡ᠃      ᠭᠤᠷᠪᠠ᠂ ᠭᠤᠣᠯᠳᠠᠯᠭ᠎ᠠ ᠲᠠᠢ ᠡᠭᠦᠷᠭᠡ      ( ᠨᠢᠭᠡ ) ᠤᠯᠤᠰ ᠤᠨ ᠳᠣᠲᠣᠭᠠᠳᠤ ᠶᠢᠨ ᠥᠪᠡᠰᠦᠪᠡᠨ ᠲᠡᠷᠭᠡ ᠵᠢᠯᠤᠭᠤᠳᠴᠤ ᠵᠢᠭᠤᠯᠴᠢᠯᠠᠬᠤ ᠶᠢᠨ ᠤᠷᠢᠳᠠᠪᠠᠷ ᠰᠣᠩᠭᠤᠬᠤ ᠭᠠᠵᠠᠷ ᠢ ᠪᠣᠶ ᠪᠣᠯᠭᠠᠨ᠎ᠠ᠃ A ᠲᠠᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ᠂ ᠲᠠᠰ ᠤᠨ ᠠᠷᠠᠳ ᠤᠨ ᠰᠠᠭᠤᠴᠠ᠂ ᠬᠥᠳᠡᠭᠡ ᠲᠣᠰᠬᠤᠨ ᠤ ᠵᠢᠭᠤᠯᠴᠢᠯᠠᠯ ᠤᠨ ᠭᠤᠣᠯᠳᠠᠯᠭ᠎ᠠ ᠲᠠᠢ ᠲᠣᠰᠬᠤᠨ ᠪᠠᠯᠭᠠᠰᠤ ᠵᠡᠷᠭᠡ ᠨᠠᠷᠠᠲᠤ ᠲᠥᠷᠥᠯ ᠲᠡᠮᠳᠡᠭᠲᠦ ᠶᠢᠨ ᠳᠠᠪᠠᠭᠤᠯᠢᠭ ᠢ ᠪᠠᠳᠠᠷᠠᠭᠤᠯᠵᠤ᠂ ᠥᠪᠡᠰᠦᠪᠡᠨ ᠲᠡᠷᠭᠡ ᠵᠢᠯᠤᠭᠤᠳᠴᠤ ᠵᠢᠭᠤᠯᠴᠢᠯᠠᠬᠤ ᠵᠣᠷᠢᠭᠰᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠥᠪᠡᠰᠦᠪᠡᠨ ᠲᠡᠷᠭᠡ ᠵᠢᠯᠤᠭᠤᠳᠴᠤ ᠵᠢᠭᠤᠯᠴᠢᠯᠠᠬᠤ ᠪᠥᠬᠦ ᠲᠠᠯ᠎ᠠ ᠶᠢᠨ ᠦᠢᠯᠡᠴᠢᠯᠡᠭᠡᠨ ᠤ ᠰᠢᠰᠲ᠋ᠧᠮᠵᠢ ᠶᠢ ᠠᠯᠬᠤᠮ ᠠᠯᠬᠤᠮ ᠢᠶᠠᠷ ᠪᠠᠶᠢᠭᠤᠯᠬᠤ ᠶᠢᠨ ᠬᠠᠮᠲᠤ᠂ ᠲᠣᠭᠤᠷᠢᠭ᠂ ᠬᠤᠲᠠ ᠶᠢᠨ ᠭᠤᠣᠯᠳᠠᠯᠭ᠎ᠠ ᠲᠠᠢ ᠵᠢᠭᠤᠯᠴᠢᠯᠠᠯ ᠤᠨ ᠵᠠᠮ ᠱᠤᠭᠤᠮ ᠤᠨ ᠲᠣᠭᠤᠷᠢᠨ ᠳᠤ᠂ ᠮᠠᠨ ᠤ ᠰᠢᠶᠠᠨ ᠢ ᠥᠪᠡᠰᠦᠪᠡᠨ ᠲᠡᠷᠭᠡ ᠵᠢᠯᠤᠭᠤᠳᠴᠤ ᠵᠢᠭᠤᠯᠴᠢᠯᠠᠬᠤ ᠳᠤ ᠵᠠᠪᠠᠯ ᠥᠩᠭᠡᠷᠡᠬᠦ ᠭᠠᠵᠠᠷ ᠪᠣᠯᠭᠠᠨ ᠪᠠᠶᠢᠭᠤᠯᠤᠨ᠎ᠠ᠃ ᠵᠢᠭᠤᠯᠴᠢᠯᠠᠯ ᠤᠨ ᠲᠡᠷᠭᠡ ᠲᠦᠷᠢᠶᠡᠰᠦᠯᠡᠬᠦ ᠦᠢᠯᠡᠴᠢᠯᠡᠭᠡ ᠶᠢ ᠪᠦᠷᠢᠨᠰᠢᠭᠦᠯᠦᠨ ᠲᠡᠭᠦᠯᠳᠡᠷᠵᠢᠭᠦᠯᠵᠦ᠂ ᠲᠤᠰ ᠭᠠᠵᠠᠷ ᠤᠨ ᠵᠢᠭᠤᠯᠴᠢᠯᠠᠯ ᠤᠨ ᠲᠡᠷᠭᠡ ᠲᠦᠷᠢᠶᠡᠰᠦᠯᠡᠬᠦ ᠡᠵᠡᠩᠨᠡᠯᠲᠡ ᠶᠢᠨ ᠭᠤᠣᠯ ᠴᠣᠭᠴᠠ ᠬᠢᠭᠡᠳ ᠰᠢᠶᠠᠨ ᠤ ᠭᠠᠳᠠᠨᠠᠬᠢ ᠵᠢᠭᠤᠯᠴᠢᠯᠠᠯ ᠤᠨ ᠲᠡᠷᠭᠡ ᠲᠦᠷᠢᠶᠡᠰᠦᠯᠡᠬᠦ ᠡᠵᠡᠩᠨᠡᠯᠲᠡ ᠶᠢᠨ ᠭᠤᠣᠯ ᠴᠣᠭᠴᠠ ᠶᠢ ᠢᠳᠡᠪᠬᠢᠲᠡᠢ ᠪᠠᠷ ᠬᠥᠲᠥᠯᠥᠨ ᠵᠢᠯᠤᠭᠤᠳᠴᠤ ᠪᠠᠶᠢᠭᠠᠳ ᠣᠨᠳᠣᠣ ᠲᠦᠷᠢᠶᠡᠰᠦᠨ ᠲᠡᠷᠭᠡ ᠶᠢᠨ ᠲᠡᠷᠭᠡ ᠪᠤᠴᠠᠭᠠᠬᠤ ᠦᠢᠯᠡᠴᠢᠯᠡᠭᠡ ᠶᠢ ᠨᠡᠭᠡᠭᠡᠨ ᠬᠥᠭᠵᠢᠭᠦᠯᠦᠨ᠎ᠡ᠃ 2024 ᠣᠨ ᠤ ᠡᠴᠦᠰ ᠪᠣᠯᠬᠤ ᠳᠤ᠂ ᠦᠶᠤᠸᠠᠨ ᠰᠢᠶᠠᠨ ᠤ ᠪᠣᠷᠣᠳᠣᠬᠤᠢ ᠶᠢᠨ ᠲᠠᠷᠢᠶᠠᠯᠠᠬᠤ ᠰᠣᠶᠣᠯ ᠤᠨ ᠦᠵᠡᠰᠬᠦᠯᠡᠩ ᠤᠨ ᠬᠦᠷᠢᠶᠡᠯᠡᠩ ᠤᠨ ᠬᠤᠪᠢ ᠶᠢᠨ ᠮᠠᠰᠢᠨ ᠲᠡᠷᠭᠡᠨ ᠤ ᠪᠠᠭᠤᠴᠠ ᠶᠢ C ᠲᠠᠰ ᠤᠨ ᠬᠤᠪᠢ ᠶᠢᠨ ᠮᠠᠰᠢᠨ ᠲᠡᠷᠭᠡ ᠪᠠᠷ ᠵᠢᠭᠤᠯᠴᠢᠯᠠᠬᠤ ᠪᠠᠭᠤᠴᠠ ᠶᠢᠨ ᠭᠠᠵᠠᠷ ᠢ ᠮᠡᠳᠡᠭᠦᠯᠬᠦ ᠶᠢ ᠠᠬᠢᠭᠤᠯᠤᠨ᠎ᠠ︔ 2025 ᠣᠨ ᠤ ᠰᠡᠭᠦᠯᠴᠢ ᠪᠣᠯᠲᠠᠯ᠎ᠠ᠂ ᠲᠤᠰ ᠭᠠᠵᠠᠷ ᠣᠷᠣᠨ ᠤ ᠥᠪᠡᠰᠦᠪᠡᠨ ᠲᠡᠷᠭᠡ ᠵᠢᠯᠤᠭᠤᠳᠴᠤ ᠡᠵᠡᠩᠨᠡᠬᠦ ᠭᠠᠵᠠᠷ ᠤᠨ ᠪᠦᠲᠦᠭᠡᠨ ᠪᠠᠶᠢᠭᠤᠯᠤᠯᠲᠠ ᠶᠢᠨ ᠬᠢᠷᠢ ᠬᠡᠮᠵᠢᠶ᠎ᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠨᠡᠷᠡᠲᠦ ᠲᠥᠷᠥᠯ ᠲᠡᠮᠳᠡᠭᠲᠦ ᠶᠢᠨ ᠨᠥᠯᠥᠭᠡᠯᠡᠬᠦ ᠬᠦᠴᠦᠨ ᠪᠠ ᠨᠡᠮᠡᠯᠲᠡ ᠥᠷᠲᠡᠭ ᠢ ᠳᠡᠭᠡᠭᠰᠢᠯᠡᠭᠦᠯᠬᠦ ᠬᠡᠷᠡᠭᠲᠡᠢ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ᠂ ᠵᠠᠮ ᠬᠠᠷᠢᠯᠴᠠᠭᠠᠨ ᠤ ᠲᠣᠪᠴᠢᠶ᠎ᠠ᠂ ᠲᠠᠷᠢᠶᠠᠯᠠᠩ ᠤᠨ ᠥᠨᠳᠥᠷ ᠲᠠᠰ ᠤᠨ ᠲᠣᠭᠤᠷᠢᠭ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠬᠤᠶᠠᠷ ) ᠪᠦᠬᠦ ᠤᠯᠤᠰ ᠤᠨ ᠬᠡᠭᠡᠷ᠎ᠡ ᠪᠠᠭᠤᠳᠠᠯᠯᠠᠬᠤ ᠵᠢᠭᠤᠯᠴᠢᠯᠠᠯ ᠤᠨ ᠰᠠᠶᠢᠨ ᠰᠣᠩᠭᠤᠬᠤ ᠭᠠᠵᠠᠷ ᠢ ᠪᠦᠲᠦᠭᠡᠨ ᠪᠠᠶᠢᠭᠤᠯᠬᠤ ᠬᠡᠷᠡᠭᠲᠡᠢ᠃ ᠬᠤᠸᠠᠷᠠᠨ ᠤ ᠦᠢᠯᠡᠴᠢᠯᠡᠭᠡᠨ ᠤ ᠡᠵᠡᠩᠨᠡᠯᠲᠡ ᠶᠢᠨ ᠬᠡᠯᠪᠡᠷᠢ ᠶᠢ ᠪᠠᠶᠠᠯᠢᠭᠵᠢᠭᠤᠯᠵᠤ᠂ ᠬᠤᠪᠢᠰᠬᠠᠯᠲᠤ᠂ ᠲᠠᠷᠢᠶᠠᠯᠠᠬᠤ᠂ ᠬᠠᠲᠤᠨ ᠭᠤᠣᠯ᠂ ᠬᠥᠳᠡᠭᠡ ᠲᠣᠰᠬᠤᠨ ᠵᠡᠷᠭᠡ ︽ᠤᠮᠠᠷᠠᠲᠤ ᠬᠢᠯᠢ ᠶᠢᠨ ᠰᠣᠶᠣᠯ︾  ᠤᠨ ᠡᠯᠧᠮᠧᠨ᠋ᠲ ᠢ ᠭᠦᠨᠵᠡᠭᠡᠢ ᠠᠭᠤᠰᠤᠯᠴᠠᠭᠤᠯᠵᠤ᠂ ᠬᠥᠳᠡᠯᠭᠡᠭᠡᠨ᠂ ᠰᠤᠳᠤᠯᠤᠨ ᠰᠤᠷᠤᠯᠴᠠᠬᠤ᠂ ᠰᠡᠯᠡᠭᠦᠴᠡᠯ ᠵᠡᠷᠭᠡ ᠣᠯᠠᠨ ᠵᠦᠢᠯ ᠤᠨ ᠣᠨᠴᠠᠯᠢᠭᠲᠤ ᠬᠤᠸᠠᠷᠠᠨ ᠤ ᠬᠡᠯᠪᠡᠷᠢ ᠶᠢ ᠬᠥᠭᠵᠢᠭᠦᠯᠦᠨ᠎ᠡ᠃ ᠬᠤᠸᠠᠷᠠᠨ ᠵᠢᠴᠢ ᠡᠷᠬᠢᠨ ᠲᠣᠭᠤᠷᠢᠨ ᠤ ᠰᠣᠶᠣᠯ ᠪᠡᠶ᠎ᠡ ᠶᠢᠨ ᠲᠠᠮᠢᠷ ᠤᠨ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠵᠦ᠂ ᠬᠤᠲᠠ ᠶᠢᠨ ᠠᠷᠠᠳ ᠤᠨ ᠬᠥᠳᠡᠯᠭᠡᠭᠡᠨ ᠤ ᠲᠥᠪ᠂ ᠪᠡᠶ᠎ᠡ ᠶᠢᠨ ᠲᠠᠮᠢᠷ ᠤᠨ ᠣᠷᠳᠣᠨ᠂ ᠮᠦᠽᠧᠢ᠂ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ ᠵᠡᠷᠭᠡ ᠣᠯᠠᠨ ᠨᠡᠶᠢᠲᠡ ᠶᠢᠨ ᠰᠣᠶᠣᠯ ᠪᠡᠶ᠎ᠡ ᠶᠢᠨ ᠲᠠᠮᠢᠷ ᠤᠨ ᠲᠠᠯᠠᠪᠤᠷ ᠢ ᠰᠠᠶᠢᠲᠤᠷ ᠠᠵᠢᠯᠯᠠᠭᠤᠯᠵᠤ᠂ ᠳ᠋ᠦᠩ ᠴᠧᠩ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ᠂ ᠨᠡᠶᠢᠭᠡᠮ ᠤᠨ ᠬᠥᠯ ᠪᠥᠮᠪᠦᠭᠡ ᠶᠢᠨ ᠲᠠᠯᠠᠪᠠᠶ ᠶᠢ ᠰᠢᠨ᠎ᠡ ᠪᠠᠷ ᠪᠠᠶᠢᠭᠤᠯᠤᠨ᠎ᠠ︔ ᠪᠡᠶ᠎ᠡ ᠶᠢᠨ ᠲᠠᠮᠢᠷ ᠤᠨ ᠠᠮᠢ ᠠᠬᠤᠢ ᠶᠢᠨ ᠴᠡᠴᠡᠷᠯᠢᠭ ᠢ ᠥᠭᠡᠷᠡᠴᠢᠯᠡᠵᠦ ᠥᠷᠭᠡᠳᠬᠡᠨ ᠪᠠᠶᠢᠭᠤᠯᠬᠤ ᠲᠥᠷᠥᠯ ᠵᠦᠢᠯ ᠪᠠ ᠰᠢᠶᠠᠩ ᠪᠠᠯᠭᠠᠰᠤᠨ ᠤ ᠰᠣᠶᠣᠯ ᠤᠨ ᠥᠷᠲᠡᠭᠡ ᠶᠢᠨ ᠣᠶᠤᠨᠴᠢᠯᠠᠭᠰᠠᠨ ᠥᠭᠡᠷᠡᠴᠢᠯᠡᠯᠲᠡ ᠶᠢ ᠠᠬᠢᠭᠤᠯᠵᠤ᠂ ᠤᠯᠠᠭᠠᠨᠮᠥ᠋ᠴᠢᠷ ᠰᠣᠶᠣᠯ ᠢ ᠦᠨᠳᠦᠰᠦᠨ ᠱᠠᠲᠤᠨ ᠳᠤ ᠬᠦᠷᠭᠡᠵᠦ ᠬᠡᠭᠡᠷ᠎ᠡ ᠪᠠᠭᠤᠳᠠᠯᠯᠠᠬᠤ ᠲᠤᠰᠬᠠᠢ ᠲᠣᠭᠯᠠᠯᠲᠠ ᠭᠠᠷᠭᠠᠨ᠎ᠠ᠃ ᠬᠤᠸᠠᠷᠠᠨ ᠵᠢᠴᠢ ᠡᠷᠬᠢᠨ ᠲᠣᠭᠤᠷᠢᠨ ᠤ ᠬᠠᠩᠭᠠᠯᠭ᠎ᠠ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠵᠦ᠂ ᠰᠢᠶᠠᠨ ᠤ ᠬᠡᠪᠴᠢᠶᠡᠨ ᠤ ᠬᠤᠳᠠᠯᠳᠤᠭᠠᠨ ᠤ ᠴᠣᠭᠴᠠ ᠶᠢᠨ ᠪᠠᠶᠢᠭᠤᠯᠤᠯᠲᠠ ᠶᠢ ᠭᠦᠨᠵᠡᠭᠡᠢ ᠬᠡᠷᠡᠭᠵᠢᠭᠦᠯᠦᠨ᠂ 2025 ᠣᠨ ᠪᠣᠯᠬᠤ ᠳᠤ᠂ ᠰᠤᠮᠤ ᠪᠠᠯᠭᠠᠰᠤ ᠶᠢᠨ ᠠᠷᠠᠯᠵᠢᠶ᠎ᠠ ᠬᠤᠳᠠᠯᠳᠤᠭᠠᠨ ᠤ ᠲᠥᠪ ᠢ 11 ᠥᠭᠡᠷᠡᠴᠢᠯᠡᠨ ᠲᠠᠰ ᠳᠡᠪᠰᠢᠭᠦᠯᠵᠦ᠂ ᠦᠢᠯᠡᠴᠢᠯᠡᠭᠡᠨ ᠤ ᠪᠦᠷᠬᠦᠴᠡ ᠶᠢᠨ ᠨᠣᠷᠮ᠎ᠠ ᠶᠢ 100 %  ᠳᠤ ᠬᠦᠷᠦᠭᠦᠯᠦᠨ᠎ᠡ ᠲᠣᠰᠬᠤᠨ ᠤ ᠲᠠᠰ ᠤᠨ ᠠᠷᠠᠳ ᠲᠤ ᠲᠥᠬᠦᠮ ᠦᠵᠡᠭᠦᠯᠬᠦ ᠳᠡᠯᠭᠡᠭᠦᠷ ᠢ 11 ᠰᠢᠨ᠎ᠡ ᠪᠠᠷ ᠪᠠᠶᠢᠭᠤᠯᠵᠤ᠂ ᠪᠦᠷᠬᠦᠴᠡ ᠶᠢᠨ ᠨᠣᠷᠮ᠎ᠠ ᠶᠢ 100 %  ᠳᠤ ᠬᠦᠷᠦᠭᠦᠯᠦᠨ᠎ᠡ ︽ᠲᠦᠷᠭᠡᠨ ᠬᠦᠷᠭᠡᠯᠲᠡ ᠶᠢ ᠲᠣᠰᠬᠤᠨ ᠳᠤ ᠣᠷᠣᠭᠤᠯᠬᠤ︾ ᠲᠤᠭ᠎ᠠ ᠬᠡᠮᠵᠢᠶ᠎ᠡ ᠶᠢ 123  ᠳᠤ ᠬᠦᠷᠦᠭᠦᠯᠵᠦ᠂ ᠪᠦᠷᠬᠦᠴᠡ ᠶᠢᠨ ᠨᠣᠷᠮ᠎ᠠ ᠶᠢ 100 %  ᠳᠤ ᠬᠦᠷᠦᠭᠦᠯᠦᠨ᠎ᠡ ᠰᠢᠶᠠᠨ ᠤ ᠬᠡᠪᠴᠢᠶᠡᠨ ᠤ ᠪᠠᠷᠠᠭᠠᠨ ᠤ ᠭᠦᠢᠯᠭᠡᠭᠡᠨ ᠤ ᠬᠠᠮᠲᠤᠪᠠᠷ ᠲᠣᠬᠢᠷᠠᠭᠤᠯᠤᠨ ᠬᠦᠷᠭᠡᠬᠦ ᠨᠣᠷᠮ᠎ᠠ ᠶᠢ 40 %  ᠳᠤ ᠬᠦᠷᠦᠭᠦᠯᠦᠨ᠎ᠡ᠃ ᠦᠶᠤᠸᠠᠨ ᠰᠢᠶᠠᠨ ᠤ ᠪᠣᠷᠣᠳᠣᠬᠤᠢ ᠶᠢᠨ ᠲᠠᠷᠢᠶᠠᠯᠠᠬᠤ ᠰᠣᠶᠣᠯ ᠤᠨ ᠦᠵᠡᠰᠬᠦᠯᠡᠩ ᠤᠨ ᠬᠦᠷᠢᠶᠡᠯᠡᠩ ᠢ ᠵᠣᠬᠢᠶᠠᠨ ᠪᠠᠶᠢᠭᠤᠯᠤᠨ ᠥᠪᠡᠷᠲᠡᠭᠡᠨ ᠵᠠᠰᠠᠬᠤ ᠣᠷᠣᠨ ᠤ ᠠᠷᠪᠠᠨ ᠰᠢᠯᠢᠳᠡᠭ ᠬᠡᠭᠡᠷ᠎ᠡ ᠪᠠᠭᠤᠳᠠᠯᠯᠠᠬᠤ ᠭᠠᠵᠠᠷ ᠢᠶᠠᠷ ᠮᠡᠳᠡᠭᠦᠯᠵᠦ᠂ ᠬᠡᠭᠡᠷ᠎ᠡ ᠪᠠᠭᠤᠳᠠᠯᠯᠠᠬᠤ ᠠᠵᠤ ᠠᠬᠤᠢ ᠶᠢᠨ ᠬᠥᠭᠵᠢᠯᠲᠡ ᠶᠢ ᠠᠬᠢᠭᠤᠯᠤᠨ᠎ᠠ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠲᠠᠷᠢᠶᠠᠯᠠᠩ ᠥᠨᠳᠥᠷ ᠲᠣᠭᠤᠷᠢᠭ᠂ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ᠂ ᠲᠠᠷᠢᠶᠠᠯᠠᠩ ᠰᠢᠨᠵᠢᠯᠡᠬᠦ ᠤᠬᠠᠭᠠᠨ ᠤ ᠲᠣᠪᠴᠢᠶ᠎ᠠ᠂ ᠣᠶ ᠰᠢᠭᠤᠢ ᠨᠤᠲᠤᠭ ᠪᠡᠯᠴᠢᠭᠡᠷ ᠤᠨ ᠲᠣᠪᠴᠢᠶ᠎ᠠ᠂ ᠤᠰᠤᠨ ᠠᠰᠢᠭᠯᠠᠯᠲᠠ ᠶᠢᠨ ᠲᠣᠪᠴᠢᠶ᠎ᠠ᠂ ᠰᠤᠷᠭᠠᠨ ᠬᠥᠮᠦᠵᠢᠯ ᠤᠨ ᠲᠣᠪᠴᠢᠶ᠎ᠠ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠭᠤᠷᠪᠠ ) ᠤᠯᠤᠰ ᠤᠨ ᠳᠣᠲᠣᠭᠠᠳᠤ ᠶᠢᠨ ᠠᠮᠠᠷᠠᠯᠲᠠ ᠶᠢᠨ ᠵᠤᠭᠠᠴᠠᠯ ᠤᠨ ᠵᠠᠪᠠᠯ ᠰᠣᠩᠭᠤᠬᠤ ᠭᠠᠵᠠᠷ ᠢ ᠪᠠᠶᠢᠭᠤᠯᠤᠨ᠎ᠠ᠃ ᠬᠠᠲᠤᠨ ᠭᠤᠣᠯ ᠠᠴᠠ ᠪᠧᠢ ᠺᠦᠢ ᠬᠠᠢ ᠬᠦᠷᠬᠦ ᠦᠪᠡᠳᠡᠭᠰᠢ ᠳᠠᠶᠢᠯᠠᠯᠭ᠎ᠠ᠂ ᠦᠶᠤᠸᠠᠨ ᠤ ᠶᠢᠨ ᠰᠤᠮᠤ ᠳᠠᠬᠢ ᠮᠥᠰᠥ ᠴᠠᠰᠤᠨ ᠤ ᠨᠠᠶᠢᠷ᠂ ᠣᠶ ᠲᠠᠷᠢᠶ᠎ᠠ ᠨᠠᠭᠤᠷ ᠡᠪᠡᠰᠦ ᠪᠡᠯᠴᠢᠭᠡᠷ ᠡᠯᠡᠰᠦᠨ ᠤᠰᠤᠨ ᠰᠤᠮᠤ ᠲᠤᠭᠤᠷᠢᠬᠤᠪᠠᠯᠭᠠᠰᠤ᠂ ᠮᠤᠨᠢ ᠠᠭᠤᠯᠠ ᠪᠠᠷ ᠬᠦᠷᠢᠶᠡᠯᠡᠭᠳᠡᠭᠰᠡᠨ ᠲᠠᠷᠢᠶᠠᠯᠠᠬᠤ ᠦᠶᠤᠸᠠᠨ᠂ ᠬᠤᠪᠢᠰᠬᠠᠯ ᠤᠨ ᠲᠡᠦᠬᠡ ᠦᠶᠤᠸᠠᠨ ᠤ ᠢᠮ ᠲᠡᠮᠳᠡᠭ ᠵᠡᠷᠭᠡ ᠵᠢᠭᠤᠯᠴᠢᠯᠠᠯ ᠤᠨ ᠵᠠᠮ ᠱᠤᠭᠤᠮ ᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠪᠠᠶᠢᠷᠢᠯᠠᠭᠤᠯᠵᠤ᠂ ᠴᠢᠨᠠᠷ ᠰᠠᠶᠢᠲᠠᠢ᠂ ᠥᠪᠡᠷᠮᠢᠴᠡ ᠣᠨᠴᠠᠯᠢᠭ ᠲᠠᠢ ᠠᠮᠠᠷᠠᠯᠲᠠ ᠶᠢᠨ ᠨᠡᠷᠡᠳᠬᠦᠨ ᠢ ᠰᠢᠨ᠎ᠡ ᠪᠠᠷ ᠡᠭᠦᠳᠦᠨ ᠨᠡᠭᠡᠭᠡᠵᠦ᠂ ᠵᠢᠭᠤᠯᠴᠢᠯᠠᠯ ᠰᠡᠯᠡᠭᠦᠴᠡᠯ ᠤᠨ ᠵᠡᠭᠡᠯᠢ ᠲᠣᠭᠤᠷᠢᠭ ᠤᠨ ᠨᠠᠷᠠᠲᠤ ᠲᠡᠮᠳᠡᠭᠲᠦ ᠶᠢ ᠡᠭᠦᠳᠦᠨ ᠪᠠᠶᠢᠭᠤᠯᠬᠤ ᠠᠵᠢᠯ ᠢ ᠲᠦᠷᠭᠡᠳᠬᠡᠵᠦ᠂ 2025 ᠣᠨ ᠪᠣᠯᠬᠤ ᠳᠤ᠂ ᠪᠣᠷᠣᠳᠣᠬᠤᠢ ᠶᠢᠨ ᠲᠠᠷᠢᠶᠠᠯᠠᠬᠤ ᠰᠣᠶᠣᠯ ᠤᠨ ᠦᠵᠡᠰᠬᠦᠯᠡᠩ ᠤᠨ ᠬᠦᠷᠢᠶᠡᠯᠡᠩ ᠢ ᠤᠯᠤᠰ ᠤᠨ ᠲᠠᠰ ᠤᠨ ᠵᠢᠭᠤᠯᠴᠢᠯᠠᠯ ᠰᠡᠯᠡᠭᠦᠴᠡᠯ ᠤᠨ ᠵᠡᠭᠡᠯᠢ ᠲᠣᠭᠤᠷᠢᠭ ᠪᠣᠯᠭᠠᠨ ᠡᠭᠦᠳᠦᠨ ᠪᠠᠶᠢᠭᠤᠯᠬᠤ ᠪᠠᠷ ᠴᠢᠷᠮᠠᠶᠢᠵᠤ᠂ ᠦᠶᠤᠸᠠᠨ ᠤ ᠶᠢᠨ ᠰᠤᠮᠤ ᠳᠠᠬᠢ ᠰᠣᠶᠣᠯ ᠰᠡᠯᠡᠭᠦᠴᠡᠯ ᠤᠨ ᠵᠡᠭᠡᠯᠢ ᠲᠣᠭᠤᠷᠢᠭ ᠢ ᠥᠪᠡᠷᠲᠡᠭᠡᠨ ᠵᠠᠰᠠᠬᠤ ᠣᠷᠣᠨ ᠤ ᠲᠠᠰ ᠤᠨ ᠵᠢᠭᠤᠯᠴᠢᠯᠠᠯ ᠰᠡᠯᠡᠭᠦᠴᠡᠯ ᠤᠨ ᠵᠡᠭᠡᠯᠢ᠃ ᠡᠪᠦᠯ ᠤᠨ ᠤᠯᠠᠷᠢᠯ ᠤᠨ ᠵᠢᠭᠤᠯᠴᠢᠯᠠᠯ ᠢ ᠳᠡᠮᠵᠢᠬᠦ ᠡᠷᠴᠢᠮ ᠢᠶᠠᠨ ᠴᠢᠩᠭᠠᠷᠠᠭᠤᠯᠵᠤ᠂ ᠰᠦᠩ ᠬᠠᠯᠢᠶ᠎ᠠ ᠶᠢ ᠰᠣᠨᠢᠷᠬᠠᠨ ᠦᠵᠡᠬᠦ᠂ ︽ᠪᠣᠷᠣᠳᠣᠬᠤᠢ ᠶᠢᠨ ᠠᠶᠢᠯ ᠡᠷᠦᠬᠡ︾ ᠮᠥᠰᠥ ᠴᠠᠰᠤᠨ ᠤ ᠵᠠᠩ ᠦᠢᠯᠡ ᠶᠢᠨ ᠵᠢᠭᠤᠯᠴᠢᠯᠠᠯ ᠵᠡᠷᠭᠡ ᠮᠥᠰᠥ ᠴᠠᠰᠤᠨ ᠤ ᠵᠢᠭᠤᠯᠴᠢᠯᠠᠯ ᠤᠨ ᠵᠠᠮ ᠱᠤᠭᠤᠮ ᠢ ᠭᠠᠷᠭᠠᠵᠤ᠂ ︽ᠭᠢᠯᠠᠯᠵᠠᠮ᠎ᠠ ᠮᠥᠰᠥ ᠴᠠᠰᠤᠨ ᠤ ᠵᠢᠭᠤᠯᠴᠢᠯᠠᠯ ᠤᠨ ᠦᠶᠤᠸᠠᠨ ᠣᠷᠣᠨ ᠪᠠᠶᠠᠷ ᠬᠦᠷ ᠲᠠᠢ ᠰᠢᠨᠡᠯᠡᠬᠦ︾ ᠮᠥᠰᠥ ᠴᠠᠰᠤᠨ ᠤ ᠰᠣᠶᠣᠯ ᠤᠨ ᠵᠢᠭᠤᠯᠴᠢᠯᠠᠯ ᠢ ᠰᠣᠨᠢᠷᠬᠠᠬᠤ ᠤᠯᠠᠷᠢᠯ ᠤᠨ ᠰᠢᠷᠢᠰ ᠠᠵᠢᠯᠯᠠᠭ᠎ᠠ ᠶᠢ ᠪᠠᠶᠢᠩᠭᠤ ᠰᠠᠶᠢᠲᠤᠷ ᠥᠷᠨᠢᠭᠦᠯᠦᠨ᠎ᠡ᠃ ᠲᠠᠷᠬᠤ ᠪᠠᠯᠭᠠᠰᠤ᠂ ᠲᠢᠶᠠᠨ ᠯᠠᠢ ᠨᠠᠭᠤᠷ ᠤᠨ ᠦᠵᠡᠮᠵᠢ ᠶᠢᠨ ᠣᠷᠣᠨ ᠢ ᠵᠣᠬᠢᠶᠠᠨ ᠪᠠᠶᠢᠭᠤᠯᠵᠤ ᠵᠢᠭᠤᠯᠴᠢᠯᠠᠯ ᠤᠨ ᠠᠮᠠᠷᠠᠯᠲᠠ ᠶᠢᠨ ᠣᠷᠣᠨ ᠢᠶᠠᠷ ᠭᠤᠶᠤᠴᠢᠯᠠᠨ ᠮᠡᠳᠡᠭᠦᠯᠦᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠲᠠᠷᠢᠶᠠᠯᠠᠩ ᠥᠨᠳᠥᠷ ᠲᠣᠭᠤᠷᠢᠭ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠳᠥᠷᠪᠡ ) ᠤᠯᠤᠰ ᠤᠨ ᠳᠣᠲᠣᠭᠠᠳᠤ ᠶᠢᠨ ᠡᠷᠡᠭᠦᠯᠵᠢᠯ ᠤᠨ ᠰᠤᠪᠢᠯᠠᠯᠲᠠ ᠶᠢᠨ ᠰᠠᠶᠢᠨ ᠰᠣᠩᠭᠤᠬᠤ ᠭᠠᠵᠠᠷ ᠢ ᠪᠦᠲᠦᠭᠡᠨ ᠪᠠᠶᠢᠭᠤᠯᠤᠨ᠎ᠠ᠃ ᠹᠦ᠋ ᠰᠢᠩ ᠨᠠᠰᠤᠲᠠᠶᠢᠴᠤᠳ ᠤᠨ ᠨᠡᠶᠢᠲᠡ ᠶᠢᠨ ᠪᠠᠶᠢᠷᠢ ᠶᠢᠨ ᠡᠷᠡᠭᠦᠯᠵᠢᠯ ᠰᠤᠪᠢᠯᠠᠯᠲᠠ ᠶᠢᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠵᠦ᠂ ᠢᠦᠢ ᠰᠢᠨ ᠬᠠᠯᠠᠭᠤᠨ ᠷᠠᠰᠢᠶᠠᠨ ᠤ ᠳᠡᠯᠡᠬᠡᠢ ᠶᠢᠨ ᠭᠠᠵᠠᠷ ᠤᠨ ᠬᠠᠯᠠᠭᠤᠨ ᠷᠠᠰᠢᠶᠠᠨ ᠤ ᠤᠰᠤ ᠶᠢ ᠨᠡᠭᠡᠭᠡᠬᠦ ᠶᠢ ᠵᠣᠷᠢᠭᠵᠢᠭᠤᠯᠵᠤ ᠬᠤᠪᠣᠷ ᠴᠤᠬᠠᠭ ᠬᠢᠲᠠᠳ ᠡᠪᠡᠰᠦᠨ ᠡᠮ ᠤᠨ ᠰᠤᠪᠢᠯᠠᠯᠲᠠ ᠶᠢᠨ ᠦᠢᠯᠡᠴᠢᠯᠡᠭᠡ ᠶᠢ ᠨᠡᠭᠡᠭᠡᠨ ᠬᠥᠭᠵᠢᠭᠦᠯᠵᠦ᠂ ᠡᠷᠡᠭᠦᠯᠵᠢᠯ ᠰᠤᠪᠢᠯᠠᠯᠲᠠ ᠶᠢᠨ ᠵᠢᠭᠤᠯᠴᠢᠯᠠᠯ ᠤᠨ ᠨᠠᠷᠠᠲᠤ ᠲᠡᠮᠳᠡᠭᠲᠦ ᠶᠢ ᠴᠢᠷᠮᠠᠶᠢᠨ ᠡᠭᠦᠳᠴᠦ᠂ ᠡᠷᠡᠭᠦᠯᠵᠢᠯ ᠰᠤᠪᠢᠯᠠᠯᠲᠠ ᠶᠢᠨ ᠵᠢᠭᠤᠯᠴᠢᠯᠠᠯ ᠤᠨ ᠬᠥᠭᠵᠢᠯᠲᠡ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠠᠷᠠᠳ ᠤᠨ ᠶᠠᠪᠤᠳᠠᠯ ᠤᠨ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠲᠠᠷᠢᠶᠠᠯᠠᠩ ᠥᠨᠳᠥᠷ ᠲᠣᠭᠤᠷᠢᠭ )᠃      ( ᠲᠠᠪᠤ ) ᠵᠢᠭᠤᠯᠴᠢᠯᠠᠯ ᠤᠨ ᠡᠵᠡᠩᠨᠡᠯᠲᠡ ᠶᠢᠨ ᠬᠡᠯᠪᠡᠷᠢ ᠪᠠᠶᠢᠳᠠᠯ ᠢ ᠳᠡᠭᠡᠭᠰᠢᠯᠡᠭᠦᠯᠦᠨ ᠲᠠᠰ ᠳᠡᠪᠰᠢᠭᠦᠯᠬᠦ ᠶᠢ ᠠᠬᠢᠭᠤᠯᠤᠨ᠎ᠠ᠃ ᠵᠤᠭᠠᠴᠠᠯ ᠤᠨ ᠦᠢᠯᠡᠰ ᠤᠨ ᠬᠡᠯᠪᠡᠷᠢ ᠶᠢ ᠰᠢᠨᠡᠴᠢᠯᠡᠨ ᠥᠷᠭᠡᠳᠬᠡᠨ᠎ᠡ᠂ ᠥᠪᠡᠷ ᠢᠶᠠᠷ ᠵᠢᠯᠤᠭᠤᠳᠴᠤ ᠵᠤᠭᠠᠴᠠᠬᠤ᠂ ᠬᠡᠭᠡᠷ᠎ᠡ ᠪᠠᠭᠤᠳᠠᠯᠯᠠᠬᠤ ᠵᠤᠭᠠᠴᠠᠯ᠂ ᠠᠮᠠᠷᠠᠯᠲᠠ ᠶᠢᠨ ᠵᠢᠭᠤᠯᠴᠢᠯᠠᠯ ᠪᠠ ᠡᠷᠡᠭᠦᠯᠵᠢᠯ ᠤᠨ ᠵᠢᠭᠤᠯᠴᠢᠯᠠᠯ ᠤᠨ ᠦᠢᠯᠡᠳᠬᠦᠨ ᠤ ᠰᠢᠰᠲ᠋ᠧᠮ ᠤᠨ ᠪᠠᠶᠢᠭᠤᠯᠤᠯᠲᠠ ᠪᠠᠷ ᠭᠤᠣᠯ ᠪᠣᠯᠭᠠᠨ᠎ᠠ᠂ ᠪᠦᠬᠦ ᠰᠢᠶᠠᠨ ᠤ ᠰᠣᠶᠣᠯ ᠵᠢᠭᠤᠯᠴᠢᠯᠠᠯ ᠤᠨ ᠦᠢᠯᠡᠰ ᠤᠨ ᠵᠦᠷᠢᠶᠡᠴᠢᠯᠡᠭᠰᠡᠨ ᠵᠣᠬᠢᠴᠠᠩᠭᠤᠢ ᠬᠥᠭᠵᠢᠯᠲᠡ ᠶᠢ ᠨᠢᠭᠡᠳᠦᠯᠲᠡᠢ ᠲᠥᠯᠥᠪᠯᠡᠨ ᠠᠬᠢᠭᠤᠯᠤᠨ᠎ᠠ᠂ ᠰᠣᠶᠣᠯ ᠤᠨ ᠣᠷᠳᠣᠨ ᠤ ᠨᠡᠶᠢᠲᠡ ᠶᠢᠨ ᠠᠰᠠᠷᠠᠮᠵᠢ ᠶᠢᠨ ᠪᠣᠯᠪᠠᠰᠤᠷᠠᠭᠤᠯᠤᠯ ᠤᠨ ᠰᠠᠭᠤᠷᠢᠨ ᠭᠠᠵᠠᠷ ᠪᠣᠯᠣᠨ ᠪᠠᠷᠠᠭᠤᠨ ᠵᠠᠮ ᠤᠨ ᠡᠯ ᠷᠧᠨ ᠲᠠᠢ ᠰᠤᠳᠤᠯᠤᠨ ᠰᠤᠷᠤᠯᠴᠠᠬᠤ ᠥᠷᠲᠡᠭᠡ ᠶᠢ ᠭᠤᠣᠯᠳᠠᠯᠭ᠎ᠠ ᠲᠠᠢ ᠪᠠᠶᠢᠭᠤᠯᠬᠤ ᠬᠡᠷᠡᠭᠲᠡᠢ᠂ ᠰᠣᠶᠣᠯ ᠤᠨ ᠠᠵᠢᠯᠯᠠᠭ᠎ᠠ ᠶᠢᠨ ᠲᠥᠪ ᠤᠨ ᠶᠠᠰᠤ ᠴᠢᠨᠠᠷ ᠢ ᠳᠡᠭᠡᠭᠰᠢᠯᠡᠭᠦᠯᠦᠨ ᠲᠠᠰ ᠳᠡᠪᠰᠢᠭᠦᠯᠬᠦ ᠶᠢ ᠠᠬᠢᠭᠤᠯᠤᠨ᠎ᠠ᠂ ᠪᠦᠬᠦ ᠣᠷᠣᠨ ᠤ ᠲᠠᠷᠢᠶᠠᠯᠠᠬᠤ ᠮᠠᠯᠵᠢᠬᠤ ᠣᠷᠣᠨ ᠤ ᠰᠣᠶᠣᠯ ᠤᠨ ᠵᠢᠱᠢᠶ᠎ᠡ ᠦᠵᠡᠭᠦᠯᠬᠦ ᠡᠷᠦᠬᠡ ᠪᠣᠯᠣᠨ ᠰᠣᠶᠣᠯ ᠤᠨ ᠶᠡᠭᠡ ᠬᠦᠷᠢᠶ᠎ᠡ ᠶᠢ ᠢᠳᠡᠪᠬᠢᠲᠡᠢ ᠪᠠᠷ ᠮᠡᠳᠡᠭᠦᠯᠬᠦ ᠬᠡᠷᠡᠭᠲᠡᠢ᠂ 2025 ᠣᠨ ᠪᠣᠯᠲᠠᠯ᠎ᠠ᠂ ᠲᠠᠷᠬᠤ ᠪᠠᠯᠭᠠᠰᠤᠨ ᠤ ᠪᠦᠬᠦ ᠠᠷᠠᠳ ᠤᠨ ᠪᠡᠶ᠎ᠡ ᠴᠢᠭᠢᠷᠠᠭᠵᠢᠭᠤᠯᠬᠤ ᠰᠣᠶᠣᠯ ᠲᠠᠮᠢᠷ ᠤᠨ ᠬᠥᠳᠡᠯᠭᠡᠭᠡᠨ ᠤ ᠲᠥᠪ ᠢ ᠪᠠᠶᠢᠭᠤᠯᠤᠨ᠎ᠠ᠂ ᠦᠶᠤᠸᠠᠨ ᠰᠢᠶᠠᠨ ᠤ ᠳᠤᠮᠳᠠᠳᠤ ᠶᠢᠨ ᠰᠢᠯᠦᠭ ᠳᠠᠭᠤᠯᠠᠯ ᠤᠨ ᠬᠦᠷᠢᠶᠡᠯᠡᠩ ᠤᠨ ᠳᠡᠰ ᠳᠡᠪᠰᠢᠭᠦᠯᠬᠦ ᠲᠥᠷᠥᠯ ᠵᠦᠢᠯ ᠢ ᠪᠡᠶᠡᠯᠡᠭᠦᠯᠪᠡ᠂ ᠵᠢᠭᠤᠯᠴᠢᠯᠠᠯ ᠤᠨ ᠲᠣᠭᠯᠠᠯᠲᠠ ᠶᠢ ᠨᠡᠮᠡᠭᠳᠡᠭᠦᠯᠦᠨ᠎ᠡ᠂ ᠪᠣᠳᠠᠰ ᠤᠨ ᠪᠤᠰᠤ ᠰᠣᠶᠣᠯ ᠤᠨ ᠥᠪ ᠤᠨ ᠵᠢᠭᠤᠯᠴᠢᠯᠠᠯ᠂ ᠪᠡᠶ᠎ᠡ ᠶᠢᠨ ᠲᠠᠮᠢᠷ ᠤᠨ ᠵᠢᠭᠤᠯᠴᠢᠯᠠᠯ᠂ ᠰᠤᠳᠤᠯᠤᠨ ᠰᠤᠷᠤᠯᠴᠠᠬᠤ ᠵᠢᠭᠤᠯᠴᠢᠯᠠᠯ᠂ ᠪᠠᠶᠠᠷ ᠳᠤᠷᠠᠰᠬᠠᠯ ᠣᠨ ᠵᠢᠭᠤᠯᠴᠢᠯᠠᠯ ᠵᠡᠷᠭᠡ ᠰᠢᠯᠢᠳᠡᠭ ᠰᠣᠶᠣᠯ ᠤᠨ ᠬᠠᠩᠭᠠᠯᠭ᠎ᠠ᠂ ︽ᠤᠮᠠᠷᠠᠲᠤ ᠬᠢᠯᠢ ᠶᠢᠨ ᠰᠣᠶᠣᠯ ᠪᠣᠷᠣᠳᠣᠬᠤᠢ ᠶᠢᠨ ᠰᠠᠭᠤᠭᠳᠠᠯ︾  ᠤᠨ ᠨᠠᠷᠠᠲᠤ ᠲᠡᠮᠳᠡᠭ ᠤᠨ ᠲᠣᠭᠤᠷᠢᠨ ᠳᠤ ᠦᠶᠤᠸᠠᠨ ᠤ ᠰᠣᠶᠣᠯ ᠵᠢᠭᠤᠯᠴᠢᠯᠠᠯ ᠤᠨ ᠤᠬᠠᠭᠤᠯᠭ᠎ᠠ ᠶᠢ ᠰᠠᠶᠢᠲᠤᠷ ᠬᠢᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠰᠤᠷᠭᠠᠨ ᠬᠥᠮᠦᠵᠢᠯ ᠤᠨ ᠲᠣᠪᠴᠢᠶ᠎ᠠ᠂ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠵᠢᠷᠭᠤᠭ᠎ᠠ ) ᠵᠢᠭᠤᠯᠴᠢᠯᠠᠯ ᠤᠨ ᠦᠢᠯᠡᠴᠢᠯᠡᠭᠡᠨ ᠤ ᠪᠠᠲᠤᠯᠠᠭ᠎ᠠ ᠶᠢᠨ ᠴᠢᠳᠠᠪᠤᠷᠢ ᠶᠢ ᠳᠡᠭᠡᠭᠰᠢᠯᠡᠭᠦᠯᠦᠨ᠎ᠡ᠃ ᠤᠯᠤᠰ ᠤᠨ ︽ᠵᠢᠭᠤᠯᠴᠢᠯᠠᠯ ᠠᠮᠠᠷᠠᠯᠲᠠ ᠶᠢᠨ ᠣᠷᠣᠨ ᠤ ᠵᠡᠷᠭᠡ ᠳᠡᠰ ᠤᠨ ᠬᠤᠪᠢᠶᠠᠷᠢᠯᠠᠯ︾ ( GB / T 263582022 )᠂ ︽ᠴᠠᠰᠤᠨ ᠳᠤ ᠭᠤᠯᠭᠤᠬᠤ ᠵᠢᠭᠤᠯᠴᠢᠯᠠᠯ ᠤᠨ ᠠᠮᠠᠷᠠᠯᠲᠠ ᠶᠢᠨ ᠭᠠᠵᠠᠷ ᠤᠨ ᠵᠡᠷᠭᠡ ᠳᠡᠰ ᠤᠨ ᠬᠤᠪᠢᠶᠠᠷᠢᠯᠠᠯ︾ ( LB / T 0832021 )᠂ ︽ᠬᠡᠭᠡᠷ᠎ᠡ ᠪᠠᠭᠤᠳᠠᠯᠯᠠᠬᠤ ᠭᠠᠵᠠᠷ ᠤᠨ ᠪᠦᠲᠦᠭᠡᠨ ᠪᠠᠶᠢᠭᠤᠯᠤᠯᠲᠠ ᠬᠢᠭᠡᠳ ᠦᠢᠯᠡᠴᠢᠯᠡᠭᠡᠨ ᠤ ᠵᠢᠷᠤᠮᠵᠢᠯ︾ ( GB / T 317102015 )᠂ ︽ᠲᠡᠷᠭᠡ ᠵᠢᠯᠤᠭᠤᠳᠴᠤ ᠵᠢᠭᠤᠯᠴᠢᠯᠠᠨ ᠰᠠᠭᠤᠬᠤ ᠲᠡᠷᠭᠡᠨ ᠤ ᠬᠤᠸᠠᠷᠠᠨ ᠤ ᠶᠠᠰᠤ ᠴᠢᠨᠠᠷ ᠤᠨ ᠵᠡᠷᠭᠡ ᠳᠡᠰ ᠤᠨ ᠬᠤᠪᠢᠶᠠᠷᠢᠯᠠᠯ︾ ( LB / T 0782019 )᠂ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠤᠨ ︽ᠥᠪᠡᠷᠲᠡᠭᠡᠨ ᠵᠠᠰᠠᠬᠤ ᠣᠷᠣᠨ ᠤ ᠲᠠᠰ ᠤᠨ ᠡᠷᠡᠭᠦᠯᠵᠢᠯ ᠰᠤᠪᠢᠯᠠᠯᠲᠠ ᠶᠢᠨ ᠵᠢᠭᠤᠯᠴᠢᠯᠠᠯ ᠤᠨ ᠵᠢᠱᠢᠶ᠎ᠡ ᠦᠵᠡᠭᠦᠯᠬᠦ᠃ ᠵᠢᠭᠤᠯᠴᠢᠯᠠᠯ ᠤᠨ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠳᠡᠮᠵᠢᠬᠦ ᠡᠷᠴᠢᠮ ᠢᠶᠠᠨ ᠴᠢᠩᠭᠠᠷᠠᠭᠤᠯᠵᠤ᠂ ᠵᠢᠭᠤᠯᠴᠢᠯᠠᠯ ᠤᠨ ᠣᠯᠠᠨ ᠨᠡᠶᠢᠲᠡ ᠶᠢᠨ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠰᠢᠨ᠎ᠡ ᠬᠡᠯᠪᠡᠷᠢ ᠶᠢᠨ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠲᠥᠯᠥᠪᠯᠡᠭᠡ ᠳᠤ ᠣᠷᠣᠭᠤᠯᠤᠨ᠎ᠠ᠃ ᠵᠠᠮ ᠬᠠᠷᠢᠯᠴᠠᠭᠠᠨ ᠤ ᠭᠤᠣᠯ ᠱᠤᠭᠤᠮ ᠬᠢᠭᠡᠳ ᠭᠤᠣᠯᠳᠠᠯᠭ᠎ᠠ ᠲᠠᠢ ᠵᠢᠭᠤᠯᠴᠢᠯᠠᠯ ᠤᠨ ᠦᠵᠡᠮᠵᠢ ᠶᠢᠨ ᠣᠷᠣᠨ ᠤ ᠬᠤᠯᠪᠣᠬᠤ ᠱᠤᠭᠤᠮ ᠤᠨ ᠪᠦᠲᠦᠭᠡᠨ ᠪᠠᠶᠢᠭᠤᠯᠤᠯᠲᠠ ᠶᠢ ᠲᠡᠭᠦᠯᠳᠡᠷᠵᠢᠭᠦᠯᠵᠦ᠂ 2025 ᠣᠨ ᠪᠣᠯᠬᠤ ᠳᠤ᠂ 10 . 3 ᠲᠦᠮᠡᠨ ᠲᠡᠭᠰᠢ ᠳᠥᠷᠪᠡᠯᠵᠢᠨ ᠮᠧᠲᠷ ᠡᠪᠳᠡᠭᠳᠡᠭᠰᠡᠨ ᠵᠠᠮ ᠢ ᠰᠡᠯᠪᠢᠨ ᠵᠠᠰᠠᠵᠤ᠂ 4 ᠴᠡᠴᠡᠷᠯᠢᠭ ᠣᠨ ᠠᠭᠤᠳᠠᠮ ᠲᠠᠯᠠᠪᠠᠢ ᠶᠢ ᠰᠢᠨ᠎ᠡ ᠪᠠᠷ ᠪᠠᠶᠢᠭᠤᠯᠬᠤ ᠪᠤᠶᠤ ᠥᠭᠡᠷᠡᠴᠢᠯᠡᠨ ᠵᠠᠰᠠᠵᠤ᠂ ᠬᠤᠲᠠ ᠶᠢᠨ ᠨᠣᠭᠤᠭᠠᠷᠠᠭᠤᠯᠤᠭᠰᠠᠨ ᠭᠠᠵᠠᠷ ᠢ 3 . 75 ᠲᠦᠮᠡᠨ ᠲᠡᠭᠰᠢ ᠳᠥᠷᠪᠡᠯᠵᠢᠨ ᠮᠧᠲᠷ ᠰᠢᠨ᠎ᠡ ᠪᠠᠷ ᠨᠡᠮᠡᠭᠳᠡᠭᠦᠯᠦᠨ᠎ᠡ᠃ ᠵᠢᠭᠤᠯᠴᠢᠯᠠᠯ ᠤᠨ ᠦᠵᠡᠮᠵᠢ ᠶᠢᠨ ᠣᠷᠣᠨ ᠤ ᠲᠡᠷᠭᠡᠨ ᠵᠣᠭᠰᠣᠭᠠᠯ᠂ ᠲᠡᠮᠳᠡᠭ ᠫᠠᠶᠢᠰᠠ᠂ ᠴᠠᠬᠢᠯᠭᠠᠨ ᠴᠡᠨᠡᠭᠯᠡᠬᠦ ᠪᠠᠭᠠᠨ᠎ᠠ᠂ ᠵᠢᠭᠤᠯᠴᠢᠯᠠᠯ ᠤᠨ ᠵᠣᠷᠯᠣᠩ ᠵᠡᠷᠭᠡ ᠠᠷᠠᠳ ᠲᠤ ᠳᠥᠭᠦᠮ ᠦᠵᠡᠭᠦᠯᠬᠦ ᠪᠡᠯᠡᠳᠬᠡᠮᠵᠢ ᠶᠢ ᠰᠢᠨᠵᠢᠯᠡᠬᠦ ᠤᠬᠠᠭᠠᠨᠴᠢ ᠪᠠᠷ ᠪᠦᠲᠦᠭᠡᠨ ᠪᠠᠶᠢᠭᠤᠯᠤᠨ᠎ᠠ᠃ ᠬᠤᠲᠠ ᠶᠢᠨ ᠨᠣᠭᠤᠭᠠᠨ ᠵᠠᠮ᠂ ᠲᠤᠰᠬᠠᠢ ᠱᠤᠭᠤᠮ ᠵᠡᠷᠭᠡ ᠤᠳᠠᠭᠠᠨ ᠶᠠᠪᠤᠵᠤ ᠵᠤᠭᠠᠴᠠᠬᠤ ᠵᠠᠮ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠨ᠎ᠠ᠃ ︽ᠵᠢᠭᠤᠯᠴᠢᠯᠠᠯ ᠤᠨ ᠳᠥᠷᠪᠡᠨ ᠭᠠᠵᠠᠷ︾  ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠣᠶᠤᠨᠴᠢ ᠵᠢᠭᠤᠯᠴᠢᠯᠠᠯ ᠤᠨ ᠦᠢᠯᠡᠴᠢᠯᠡᠭᠡᠨ ᠤ ᠴᠢᠳᠠᠮᠵᠢ ᠶᠢ ᠳᠡᠭᠡᠭᠰᠢᠯᠡᠭᠦᠯᠦᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠵᠠᠮ ᠬᠠᠷᠢᠯᠴᠠᠭᠠᠨ ᠤ ᠲᠣᠪᠴᠢᠶ᠎ᠠ᠂ ᠲᠠᠷᠢᠶᠠᠯᠠᠩ ᠤᠨ ᠳᠡᠭᠡᠳᠦ ᠵᠡᠷᠭᠡ ᠶᠢᠨ ᠲᠣᠭᠤᠷᠢᠭ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠳᠣᠯᠤᠭ᠎ᠠ ) ᠵᠢᠭᠤᠯᠴᠢᠯᠠᠯ ᠤᠨ ᠠᠵᠤ ᠦᠢᠯᠡᠰ ᠤᠨ ᠴᠢᠳᠠᠪᠤᠷᠢ ᠶᠢᠨ ᠲᠠᠰ ᠢ ᠳᠡᠭᠡᠭᠰᠢᠯᠡᠭᠦᠯᠦᠨ᠎ᠡ᠃ ᠣᠲᠣ ᠦᠶ᠎ᠡ ᠶᠢᠨ ᠲᠠᠷᠢᠶᠠᠯᠠᠩ ᠤᠨ ᠵᠢᠭᠤᠯᠴᠢᠯᠠᠯ ᠢ ᠬᠥᠭᠵᠢᠭᠦᠯᠵᠦ᠂ 2025 ᠣᠨ ᠪᠣᠯᠬᠤ ᠳᠤ᠂ ᠥᠪᠡᠷᠲᠡᠭᠡᠨ ᠵᠠᠰᠠᠬᠤ ᠣᠷᠣᠨ ᠤ ᠬᠤᠵᠢᠷᠯᠢᠭ ᠭᠠᠵᠠᠷ ᠢ ᠶᠡᠷᠦᠩᠬᠡᠶᠢᠯᠡᠨ ᠠᠰᠢᠭᠯᠠᠬᠤ ᠮᠡᠷᠭᠡᠵᠢᠯ ᠤᠨ ᠰᠤᠳᠤᠯᠭᠠᠨ ᠤ ᠬᠦᠷᠢᠶᠡᠯᠡᠩ ᠢ ᠪᠠᠶᠢᠭᠤᠯᠬᠤ ᠶᠢ ᠠᠬᠢᠭᠤᠯᠵᠤ᠂ ᠯᠠᠵᠤᠤ᠂ ᠱᠠᠪᠲᠠᠯ᠎ᠠ᠂ ᠰᠢᠨ᠎ᠡ ᠰᠣᠷᠭᠤᠭ ᠡᠷᠳᠡᠨᠢ ᠰᠢᠰᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠵᠢᠵᠢᠭ ᠬᠦᠷᠢᠶᠡᠯᠡᠩ 3  ᠶᠢ ᠰᠢᠨ᠎ᠡ ᠪᠠᠷ ᠪᠠᠶᠢᠭᠤᠯᠵᠤ᠂ ᠰᠢᠨ ᠬᠥᠩ ᠵᠥᠩ ᠪᠠᠯᠭᠠᠰᠤᠨ ᠤ ᠰᠢᠨᠵᠢᠯᠡᠬᠦ ᠤᠬᠠᠭᠠᠨ ᠮᠡᠷᠭᠡᠵᠢᠯ ᠤᠨ ᠵᠢᠵᠢᠭ ᠬᠦᠷᠢᠶᠡᠯᠡᠩ ᠤᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠠᠭᠤᠯᠭ᠎ᠠ ᠶᠢ ᠲᠠᠰᠤᠷᠠᠯᠲᠠ ᠦᠭᠡᠢ ᠲᠡᠭᠦᠯᠳᠡᠷᠵᠢᠭᠦᠯᠦᠨ ᠰᠢᠨᠡᠳᠬᠡᠵᠦ᠂ ᠲᠠᠷᠢᠶᠠᠯᠠᠩ ᠮᠠᠯ ᠠᠵᠤ ᠠᠬᠤᠢ ᠶᠢᠨ ᠬᠦᠷᠢᠶᠡᠯᠡᠩ ᠲᠣᠭᠤᠷᠢᠭ ᠢ 20 ᠲᠠᠰ ᠳᠡᠪᠰᠢᠭᠦᠯᠦᠨ᠂ ᠲᠦᠮᠡᠨ ᠮᠦ ᠣᠶᠤᠨᠴᠢ ᠲᠠᠷᠢᠶᠠᠯᠠᠩ ᠤᠨ ᠲᠠᠯᠠᠪᠠᠶ ᠶᠢ ᠡᠬᠢᠯᠡᠨ ᠪᠠᠶᠢᠭᠤᠯᠵᠤ᠂ ᠪᠣᠷᠣᠳᠣᠬᠤᠢ ᠶᠢᠨ ᠨᠡᠷᠡᠨ ᠬᠤᠸᠠᠷ ᠤᠨ ᠠᠵᠤ ᠦᠢᠯᠡᠰ ᠤᠨ ᠰᠦᠷᠦᠭᠵᠢᠯ ᠢ ᠴᠢᠨᠠᠷ ᠰᠠᠶᠢᠲᠠᠢ ᠡᠵᠡᠩᠨᠡᠨ᠎ᠡ᠃ ᠠᠵᠤ ᠦᠢᠯᠡᠳᠪᠦᠷᠢ ᠶᠢᠨ ᠵᠢᠭᠤᠯᠴᠢᠯᠠᠯ ᠢ ᠬᠥᠭᠵᠢᠭᠦᠯᠵᠦ᠂ 2025 ᠣᠨ ᠪᠣᠯᠬᠤ ᠳᠤ᠂ ᠷᠦᠨ ᠬᠠᠢ ᠶᠤᠸᠠᠨ ᠢᠳᠡᠰᠢᠨ ᠲᠠᠬᠢᠶ᠎ᠠ ᠶᠢᠨ ᠪᠥᠬᠦ ᠠᠵᠤ ᠦᠢᠯᠡᠰ ᠤᠨ ᠬᠡᠯᠬᠢᠶ᠎ᠡ ᠶᠢᠨ ᠨᠢᠭᠡᠳᠦᠭᠡᠷ ᠬᠤᠭᠤᠴᠠᠭᠠᠨ ᠤ ᠲᠥᠷᠥᠯ ᠵᠦᠢᠯ ᠢ ᠲᠣᠭᠲᠠᠭᠤᠨ ᠢᠶᠠᠷ ᠠᠵᠢᠯᠯᠠᠭᠤᠯᠵᠤ᠂ ᠰᠢᠩ ᠨᠦᠩ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠠᠷᠠᠯᠵᠢᠶᠠᠨ ᠤ ᠡᠳ᠋ᠰᠢᠭᠦᠯᠬᠦ ᠬᠦᠷᠢᠶᠡᠯᠡᠩ ᠢ ᠲᠦᠷᠭᠡᠳᠬᠡᠨ ᠪᠠᠶᠢᠭᠤᠯᠵᠤ᠂ ᠾᠧ ᠱᠧᠩ᠂ ᠰᠢᠨ ᠬᠥᠩ ᠵᠥᠩ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠡᠳ᠋ᠰᠢᠭᠦᠯᠬᠦ ᠬᠦᠷᠢᠶᠡᠯᠡᠩ ᠢ ᠪᠠᠶᠢᠭᠤᠯᠵᠤ᠂ ᠬᠤᠨᠢᠨ ᠮᠢᠬᠠᠨ ᠤ ᠵᠢᠵᠢᠭ ᠪᠠᠯᠭᠠᠰᠤ ᠶᠢ ᠰᠠᠶᠢᠲᠤᠷ ᠠᠵᠢᠯᠯᠠᠭᠤᠯᠵᠤ᠂ ᠪᠠ ᠯᠢ ᠴᠢᠶᠣᠤ ᠲᠠᠷᠢᠶᠠᠯᠠᠩ ᠠᠷᠠᠯᠵᠢᠶᠠᠨ ᠤ ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠢ ᠵᠢᠷᠤᠮᠵᠢᠭᠤᠯᠤᠨ ᠠᠵᠢᠯᠯᠠᠭᠤᠯᠵᠤ᠂ ᠣᠷᠣᠨ ᠪᠦᠰᠡ ᠶᠢᠨ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠲᠥᠪᠯᠡᠷᠡᠭᠦᠯᠵᠦ ᠲᠠᠷᠬᠠᠭᠠᠬᠤ ᠲᠥᠪ ᠢ ᠪᠠᠶᠢᠭᠤᠯᠤᠨ᠎ᠠ᠃ ᠪᠠᠷᠠᠭ᠎ᠠ ᠬᠤᠳᠠᠯᠳᠤᠨ ᠠᠪᠬᠤ ᠵᠢᠭᠤᠯᠴᠢᠯᠠᠯ ᠢ ᠬᠥᠭᠵᠢᠭᠦᠯᠵᠦ᠂ ᠡᠯᠧᠺᠲᠷᠣᠨ ᠬᠤᠳᠠᠯᠳᠤᠭᠠᠨ ᠤ ᠬᠡᠷᠡᠭᠯᠡᠭᠡᠨ ᠤ ᠬᠦᠷᠢᠶ᠎ᠡ ᠴᠠᠷᠠᠭ᠎ᠠ ᠶᠢ ᠥᠷᠭᠡᠳᠬᠡᠨ᠂ ᠴᠢᠨᠠᠷ ᠰᠠᠶᠢᠲᠠᠢ ᠲᠣᠭᠲᠠᠪᠤᠷᠢᠲᠠᠢ ᠬᠠᠩᠭᠠᠯᠭ᠎ᠠ ᠶᠢᠨ ᠬᠡᠯᠬᠢᠶᠡᠰᠦ ᠶᠢᠨ ᠰᠠᠭᠤᠷᠢᠨ ᠭᠠᠵᠠᠷ ᠢ ᠪᠠᠶᠢᠭᠤᠯᠬᠤ ᠶᠢᠨ ᠬᠠᠮᠲᠤ᠂ ᠰᠢᠭᠤᠳ ᠨᠡᠪᠲᠡᠷᠡᠭᠦᠯᠭᠡ ᠪᠠᠷ ᠪᠠᠷᠠᠭ᠎ᠠ ᠳᠠᠭᠠᠭᠤᠯᠬᠤ᠂ ᠰᠦᠯᠵᠢᠶᠡᠨ ᠳᠡᠯᠭᠡᠭᠦᠷ ᠢᠶᠠᠷ ᠰᠢᠭᠤᠳ ᠪᠣᠷᠣᠯᠠᠭᠤᠯᠬᠤ᠂ ᠣᠨᠳᠣᠣ ᠭᠠᠵᠠᠷ ᠡᠭᠦᠯᠡᠨ ᠬᠥᠮᠥᠷᠭᠡ ᠪᠠᠶᠢᠭᠤᠯᠬᠤ ᠵᠡᠷᠭᠡ ᠰᠢᠨ᠎ᠡ ᠵᠠᠭᠪᠤᠷ ᠢᠶᠠᠷ ᠰᠣᠶᠣᠯ ᠵᠢᠭᠤᠯᠴᠢᠯᠠᠯ ᠤᠨ ᠲᠠᠸᠠᠷ ᠢ ᠨᠡᠭᠡᠭᠡᠨ ᠬᠥᠭᠵᠢᠭᠦᠯᠬᠦ ᠪᠠ ᠰᠣᠶᠣᠯ ᠵᠢᠭᠤᠯᠴᠢᠯᠠᠯ ᠤᠨ ᠲᠠᠸᠠᠷ ᠢ ᠪᠡᠶᠡᠴᠢᠯᠡᠨ ᠣᠶᠢᠯᠠᠭᠠᠬᠤ ᠪᠠᠷᠠᠭ᠎ᠠ ᠬᠤᠳᠠᠯᠳᠤᠨ ᠠᠪᠬᠤ ᠳᠡᠯᠭᠡᠭᠦᠷ ᠤᠨ ᠪᠦᠲᠦᠭᠡᠨ ᠪᠠᠶᠢᠭᠤᠯᠤᠯᠲᠠ ᠶᠢ ᠨᠢᠭᠡ ᠴᠣᠭᠴᠠᠵᠢᠭᠤᠯᠤᠨ ᠠᠬᠢᠭᠤᠯᠵᠤ᠂ ᠨᠢᠭᠡ ᠪᠦᠯᠦᠭ ︽ᠨᠤᠲᠤᠭ ᠤᠨ ᠲᠡᠮᠳᠡᠭᠲᠦ︾ ︽ᠰᠢᠶᠠᠩ ᠤᠨ ᠲᠡᠮᠳᠡᠭᠲᠦ︾ ᠦᠢᠯᠡᠳᠬᠦᠨ ᠢ ᠪᠤᠢ ᠪᠣᠯᠭᠠᠨ᠎ᠠ᠃ ᠬᠥᠳᠡᠭᠡ ᠲᠣᠰᠬᠤᠨ ᠤ ᠵᠢᠭᠤᠯᠴᠢᠯᠠᠯ ᠢ ᠬᠥᠭᠵᠢᠭᠦᠯᠵᠦ᠂ ︽ᠮᠢᠩᠭ᠎ᠠ ᠲᠦᠮᠡ ᠶᠢᠨ ᠢᠨᠵᠧᠨᠧᠷᠢᠩ︾  ᠤᠨ ᠲᠤᠷᠰᠢᠯᠭ᠎ᠠ ᠶᠢ ᠰᠤᠷᠤᠯᠴᠠᠨ ᠬᠡᠷᠡᠭᠯᠡᠵᠦ᠂ ᠪᠣᠬᠢᠷᠲᠤᠯ ᠦᠭᠡᠢ ᠠᠮᠢ ᠠᠬᠤᠢ᠂ ᠨᠤᠲᠤᠭ ᠤᠰᠤᠨ ᠤ ᠣᠨᠴᠠᠯᠢᠭ᠂ ᠦᠢᠯᠡᠳᠪᠦᠷᠢᠯᠡᠯ ᠤᠨ ᠬᠥᠭᠵᠢᠯᠲᠡ ᠶᠢ ᠨᠢᠭᠡᠳᠦᠯᠲᠡᠢ ᠲᠥᠯᠥᠪᠯᠡᠨ᠂ ᠬᠥᠳᠡᠭᠡ ᠲᠣᠰᠬᠤᠨ ᠤ ᠣᠷᠣᠰᠢᠨ ᠰᠠᠭᠤᠬᠤ ᠣᠷᠴᠢᠨ ᠨᠥᠬᠦᠴᠡᠯ ᠢ ᠦᠷᠭᠦᠯᠵᠢᠯᠡᠨ ᠴᠡᠭᠴᠡᠯᠡᠨ ᠵᠠᠰᠠᠵᠤ ᠳᠡᠭᠡᠭᠰᠢᠯᠡᠭᠦᠯᠦᠨ᠎ᠡ︔ ᠬᠥᠳᠡᠭᠡ ᠲᠣᠰᠬᠤᠨ ᠤ ᠵᠠᠰᠠᠯᠲᠠ ᠶᠢᠨ ᠰᠢᠰᠲ᠋ᠧᠮ ᠢ ᠲᠡᠭᠦᠯᠳᠡᠷᠵᠢᠭᠦᠯᠵᠦ᠂ ᠬᠥᠳᠡᠭᠡ ᠲᠣᠰᠬᠤᠨ ᠤ ᠤᠶᠤᠨ ᠤ ᠪᠣᠯᠪᠠᠰᠤᠨ ᠤ ᠪᠠᠶᠢᠭᠤᠯᠤᠯᠲᠠ ᠶᠢ ᠴᠢᠩᠭᠠᠳᠬᠠᠵᠤ᠂ ᠬᠥᠳᠡᠭᠡ ᠲᠣᠰᠬᠤᠨ ᠤ ᠬᠡᠪ ᠵᠠᠩᠰᠢᠯ ᠢ ᠥᠭᠡᠷᠡᠴᠢᠯᠡᠬᠦ ᠶᠢ ᠦᠷᠭᠦᠯᠵᠢᠯᠡᠨ ᠠᠬᠢᠭᠤᠯᠤᠨ᠎ᠠ︔ 2025 ᠣᠨ ᠪᠣᠯᠬᠤ ᠳᠤ᠂ ︽ᠠᠷᠪᠠᠨ ᠬᠦᠴᠦᠷᠬᠡᠭ ᠪᠠᠯᠭᠠᠰᠤ︾ 4᠂ ︽ᠵᠠᠭᠤᠨ ᠬᠦᠴᠦᠷᠬᠡᠭ ᠲᠣᠰᠬᠤᠨ︾ 62  ᠢ ᠡᠭᠦᠳᠦᠨ ᠪᠠᠶᠢᠭᠤᠯᠵᠤ᠂ ᠵᠢᠭᠤᠯᠴᠢᠯᠠᠯ ᠤᠨ ︽ᠵᠠᠮ ᠥᠩᠭᠡᠷᠡᠬᠦ ᠠᠵᠤ ᠠᠬᠤᠢ︾  ᠶᠢᠨ ᠬᠡᠪᠴᠢᠶ᠎ᠡ ᠶᠢ ᠥᠷᠭᠡᠳᠬᠡᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠲᠠᠷᠢᠶᠠᠯᠠᠩ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠤ ᠲᠣᠪᠴᠢᠶ᠎ᠠ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠲᠠᠷᠢᠶᠠᠯᠠᠩ ᠤᠨ ᠳᠡᠭᠡᠳᠦ ᠵᠡᠷᠭᠡ ᠶᠢᠨ ᠮᠡᠷᠭᠡᠵᠢᠯ ᠤᠨ ᠰᠤᠷᠭᠠᠭᠤᠯᠢ᠂ ᠵᠠᠮ ᠬᠠᠷᠢᠯᠴᠠᠭᠠᠨ ᠤ ᠲᠣᠪᠴᠢᠶ᠎ᠠ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ )᠃      ( ᠨᠠᠢᠮᠠ ) ︽ᠵᠢᠭᠤᠯᠴᠢᠯᠠᠯ ᠤᠨ ᠳᠥᠷᠪᠡᠨ ᠭᠠᠵᠠᠷ︾  ᠤᠨ ᠨᠡᠷ᠎ᠡ ᠶᠢᠨ ᠬᠠᠭᠤᠳᠠᠰᠤ ᠶᠢ ᠦᠷᠭᠦᠯᠵᠢᠯᠡᠨ ᠭᠡᠷᠡᠯᠲᠦᠭᠦᠯᠦᠨ᠎ᠡ᠃ ᠵᠢᠭᠤᠯᠴᠢᠯᠠᠯ ᠤᠨ ᠭᠠᠳᠠᠭᠰᠢ ᠡᠵᠡᠩᠨᠡᠨ ᠪᠣᠷᠣᠯᠠᠭᠤᠯᠬᠤ ᠡᠬᠢ ᠪᠠᠶᠠᠯᠢᠭ ᠢ ᠪᠦᠲᠦᠮᠵᠢᠲᠡᠶ ᠡᠮᠬᠢᠯᠡᠨ ᠨᠡᠶᠢᠯᠡᠭᠦᠯᠵᠦ᠂ ᠡᠯ᠎ᠡ ᠲᠥᠷᠥᠯ ᠤᠨ ᠰᠦᠯᠵᠢᠶᠡᠨ ᠭᠠᠳᠠᠨᠠᠬᠢ ᠲᠠᠪᠴᠠᠩ ᠢ ᠳᠡᠯᠭᠡᠷᠡᠭᠦᠯᠬᠦ ᠳᠠᠪᠠᠭᠤᠯᠢᠭ ᠲᠤ ᠲᠦᠰᠢᠭᠯᠡᠨ᠂ ︽ᠵᠠᠰᠠᠭ ᠤᠨ ᠣᠷᠳᠣᠨ + ᠠᠵᠤ ᠠᠬᠤᠶᠢᠯᠠᠯ + ᠵᠠᠭᠤᠴᠢᠯᠠᠭᠤᠷ︾  ᠤᠨ ᠬᠠᠮᠲᠤ ᠪᠠᠷ ᠪᠠᠶᠢᠭᠤᠯᠤᠭᠰᠠᠨ ᠪᠥᠬᠦ ᠬᠤᠲᠠ᠂ ᠪᠥᠬᠦ ᠲᠠᠪᠴᠠᠩ᠂ ᠪᠥᠬᠦ ᠰᠦᠯᠵᠢᠶ᠎ᠡ᠂ ᠪᠥᠬᠦ ᠦᠵᠦᠭᠦᠷ ᠤᠨ ᠰᠣᠶᠣᠯ ᠵᠢᠭᠤᠯᠴᠢᠯᠠᠯ ᠢ ᠲᠠᠨᠢᠯᠴᠠᠭᠤᠯᠤᠨ ᠤᠯᠠᠮᠵᠢᠯᠠᠬᠤ ᠰᠢᠨ᠎ᠡ ᠵᠢᠭᠰᠠᠭᠠᠯ ᠢ ᠪᠠᠶᠢᠭᠤᠯᠵᠤ᠂ ᠭᠡᠷ ᠤᠨ ᠭᠠᠳᠠᠨᠠᠬᠢ ᠵᠠᠷ ᠮᠡᠳᠡᠭᠡ᠂ ᠤᠬᠠᠭᠤᠯᠭ᠎ᠠ ᠶᠢᠨ ᠺᠢᠨᠣ᠋᠂ ᠪᠢᠴᠢᠯ ᠺᠢᠨᠣ᠋ ᠵᠡᠷᠭᠡ ᠠᠭᠤᠯᠭ᠎ᠠ ᠶᠢ ᠪᠦᠷᠢᠨ ᠪᠦᠷᠬᠦᠭᠦᠯᠬᠦ ᠶᠢ ᠪᠡᠶᠡᠯᠡᠭᠦᠯᠦᠨ᠂ ᠰᠣᠶᠣᠯ ᠵᠢᠭᠤᠯᠴᠢᠯᠠᠯ ᠢ ᠳᠡᠯᠭᠡᠷᠡᠭᠦᠯᠬᠦ ︽ᠨᠠᠶᠢᠵᠠ ᠶᠢᠨ ᠲᠣᠭᠤᠷᠢᠭ︾  ᠢ ᠥᠷᠭᠡᠳᠬᠡᠨ᠎ᠡ᠃ ᠲᠣᠭᠯᠠᠯᠲᠠ ᠶᠢᠨ ᠪᠦᠯᠬᠦᠮ ᠤᠨ ᠲᠤᠰᠬᠠᠢ ᠲᠣᠭᠯᠠᠯᠲᠠ ᠶᠢ ᠪᠠᠶᠢᠩᠭᠤᠵᠢᠭᠤᠯᠵᠤ᠂ 2024 ᠣᠨ ᠤ ᠣᠯᠠᠨ ᠤᠯᠤᠰ ᠤᠨ ᠨᠡᠷᠡᠨ ᠬᠤᠸᠠᠷ ᠤᠨ ᠶᠡᠭᠡ ᠬᠤᠷᠠᠯ ᠢ ᠰᠠᠶᠢᠲᠤᠷ ᠳᠠᠭᠠᠭᠠᠨ ᠡᠷᠭᠢᠯᠡᠬᠦ ᠶᠢᠨ ᠬᠠᠮᠲᠤ ᠡᠯᠪᠡᠭ ᠬᠤᠷᠢᠶᠠᠯᠲᠠ ᠶᠢᠨ ᠪᠠᠶᠠᠷ᠂ ᠮᠥᠰᠥ ᠴᠠᠰᠤᠨ ᠤ ᠪᠠᠶᠠᠷ᠂ ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠪᠣᠯᠣᠨ ᠡᠯ᠎ᠡ ᠲᠥᠷᠥᠯ ᠤᠨ ᠪᠡᠶ᠎ᠡ ᠶᠢᠨ ᠲᠠᠮᠢᠷ ᠤᠨ ᠤᠷᠤᠯᠳᠤᠭᠠᠨ ᠵᠡᠷᠭᠡ ︽ᠵᠢᠭᠤᠯᠴᠢᠯᠠᠯ ᠳᠥᠷᠪᠡᠨ ᠭᠠᠵᠠᠷ︾  ᠤᠨ ᠴᠢᠬᠤᠯᠠ ᠶᠡᠭᠡ ᠰᠣᠶᠣᠯ ᠵᠢᠭᠤᠯᠴᠢᠯᠠᠯ ᠤᠨ ᠠᠵᠢᠯᠯᠠᠭ᠎ᠠ ᠪᠠᠷ ᠭᠠᠷᠳᠠᠴᠠ ᠪᠣᠯᠭᠠᠵᠤ᠂ ᠰᠥᠨᠢ ᠶᠢᠨ ᠠᠵᠤ ᠠᠬᠤᠢ᠂ ᠠᠮᠠᠷᠠᠯᠲᠠ ᠶᠢᠨ ᠡᠳᠦᠷ ᠤᠨ ᠠᠵᠤ ᠠᠬᠤᠢ ᠪᠣᠯᠣᠨ ᠪᠡᠯᠡᠳᠬᠡᠯ ᠬᠠᠶᠢᠷᠴᠠᠭ ᠤᠨ ᠠᠵᠤ ᠠᠬᠤᠢ ᠶᠢᠨ ᠬᠥᠭᠵᠢᠯᠲᠡ ᠶᠢ ᠠᠬᠢᠭᠤᠯᠤᠨ᠎ᠠ᠃ ᠵᠠᠬ᠎ᠠ ᠳᠡᠯᠭᠡᠭᠦᠷ ᠤᠨ ᠡᠮᠬᠢ ᠳᠢᠭᠯᠢᠮ᠂ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢᠨ ᠠᠵᠢᠯ ᠢ ᠰᠠᠶᠢᠲᠤᠷ ᠬᠢᠨ᠎ᠡ᠃ ᠰᠣᠶᠣᠯ ᠪᠠ ᠵᠢᠭᠤᠯᠴᠢᠯᠠᠯ ᠤᠨ ᠬᠡᠷᠡᠭᠯᠡᠭᠡ ᠶᠢ ᠠᠬᠢᠭᠤᠯᠬᠤ ᠠᠵᠢᠯᠯᠠᠭ᠎ᠠ ᠶᠢ ᠬᠡᠷᠡᠭᠵᠢᠭᠦᠯᠵᠦ᠂ ︽ᠵᠢᠭᠤᠯᠴᠢᠯᠠᠯ ᠤᠨ ᠳᠥᠷᠪᠡᠨ ᠭᠠᠵᠠᠷ︾  ᠤᠨ ᠡᠵᠡᠩᠨᠡᠯᠲᠡ ᠶᠢᠨ ᠬᠡᠯᠪᠡᠷᠢ ᠪᠠᠶᠢᠳᠠᠯ ᠤᠨ ᠲᠣᠭᠤᠷᠢᠨ ᠳᠤ ᠬᠡᠷᠡᠭᠯᠡᠭᠡ ᠶᠢᠨ ᠤᠯᠠᠷᠢᠯ ᠂ ᠬᠡᠷᠡᠭᠯᠡᠭᠡ ᠶᠢᠨ ᠰᠠᠷ᠎ᠠ᠂ ᠬᠡᠷᠡᠭᠯᠡᠭᠡ ᠶᠢᠨ ᠭᠠᠷᠠᠭ ᠵᠡᠷᠭᠡ ᠠᠵᠢᠯᠯᠠᠭ᠎ᠠ ᠶᠢ ᠡᠷᠭᠢᠯᠡᠵᠦ᠂ ᠵᠢᠭᠤᠯᠴᠢᠯᠠᠯ ᠤᠨ ᠬᠡᠷᠡᠭᠯᠡᠭᠡ ᠶᠢᠨ ᠬᠠᠯᠠᠮᠰᠢᠯ ᠴᠡᠭ ᠢ ᠢᠳᠡᠪᠬᠢᠲᠡᠢ ᠪᠣᠶᠢᠵᠢᠭᠤᠯᠤᠨ᠂ ᠰᠣᠶᠣᠯ ᠵᠢᠭᠤᠯᠴᠢᠯᠠᠯ ᠤᠨ ᠬᠡᠷᠡᠭᠯᠡᠭᠡ ᠶᠢᠨ ᠠᠮᠢᠵᠢᠷᠠᠯ ᠤᠨ ᠬᠦᠴᠦᠨ ᠢ ᠬᠥᠭᠵᠢᠭᠡᠨ᠎ᠡ᠃ ( ᠲᠦᠷᠦᠭᠦᠯᠡᠬᠦ ᠨᠢᠭᠡᠴᠡ᠄ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ︔ ᠬᠠᠷᠢᠭᠤᠴᠠᠯᠭᠠᠲᠤ ᠨᠢᠭᠡᠴᠡ᠄ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ᠂ ᠵᠠᠮ ᠬᠠᠷᠢᠯᠴᠠᠭᠠᠨ ᠤ ᠲᠣᠪᠴᠢᠶ᠎ᠠ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ᠂ ᠬᠠᠮ ᠵᠠᠭᠤᠴᠢᠯᠠᠭᠤᠷ ᠤᠨ ᠲᠥᠪ᠂ ᠡᠯ᠎ᠡ ᠰᠤᠮᠤ ᠪᠠᠯᠭᠠᠰᠤ᠂ ᠬᠡᠷᠡᠭ ᠡᠷᠬᠢᠯᠡᠬᠦ ᠭᠠᠵᠠᠷ᠂ ᠨᠡᠶᠢᠭᠡᠮ ᠤᠨ ᠠᠵᠢᠯ ᠤᠨ ᠦᠢᠯᠡᠴᠢᠯᠡᠭᠡᠨ ᠤ ᠲᠥᠪ᠂ ᠭᠤᠷᠪᠠᠨ ᠷᠦᠢ ᠲᠠᠷᠢᠶᠠᠯᠠᠩ ᠤᠨ ᠰᠢᠨᠵᠢᠯᠡᠬᠦ ᠤᠬᠠᠭᠠᠨ ᠤ ᠺᠣᠮᠫᠠᠨᠢ )᠃      ᠳᠥᠷᠪᠡ᠂ ᠪᠠᠲᠤᠯᠠᠭ᠎ᠠ ᠶᠢᠨ ᠠᠷᠭ᠎ᠠ ᠬᠡᠮᠵᠢᠶ᠎ᠡ᠃      ( ᠨᠢᠭᠡ ) ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠬᠤ ᠬᠡᠷᠡᠭᠲᠡᠢ᠃ ︽ᠳᠥᠷᠪᠡᠨ ᠭᠠᠵᠠᠷ︾  ᠤᠨ ᠪᠦᠲᠦᠭᠡᠨ ᠪᠠᠶᠢᠭᠤᠯᠤᠯᠲᠠ ᠶᠢ ᠵᠢᠭᠤᠯᠴᠢᠯᠠᠯ ᠤᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠴᠢᠬᠤᠯᠠ ᠡᠭᠦᠷᠭᠡ ᠪᠣᠯᠭᠠᠵᠤ᠂ ᠰᠢᠶᠠᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ ᠪᠠ ᠪᠥᠬᠦ ᠰᠢᠶᠠᠨ ᠤ ᠰᠣᠶᠣᠯ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠭᠦᠯᠬᠦ ᠲᠥᠯᠦᠪᠵᠢᠭᠦᠯᠭᠡ ᠵᠡᠷᠭᠡ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢᠨ ᠴᠢᠨᠠᠷᠲᠠᠢ ᠪᠢᠴᠢᠭ ᠮᠠᠲ᠋ᠧᠷᠢᠶᠠᠯ ᠳᠤ ᠣᠷᠣᠭᠤᠯᠵᠤ᠂ ᠲᠤᠰᠬᠠᠢ ᠰᠡᠳᠦᠪᠲᠦ ᠬᠤᠷᠠᠯ ᠬᠤᠷᠠᠯᠳᠤᠭᠤᠯᠵᠤ ︽ᠵᠢᠭᠤᠯᠴᠢᠯᠠᠯ ᠤᠨ ᠳᠥᠷᠪᠡᠨ ᠭᠠᠵᠠᠷ︾  ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠰᠤᠳᠤᠯᠵᠤ᠂ ᠨᠠᠶᠢᠳᠠᠪᠤᠷᠢᠵᠢᠭᠤᠯᠤᠭᠰᠠᠨ ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠪᠠᠷ ᠲᠣᠬᠢᠷᠠᠭᠤᠯᠵᠤ᠂ ᠭᠤᠣᠯᠳᠠᠯᠭ᠎ᠠ ᠲᠠᠢ ᠲᠥᠷᠥᠯ ᠵᠦᠢᠯ ᠤᠨ ᠠᠬᠢᠴᠠ ᠶᠢ ᠠᠬᠢᠭᠤᠯᠪᠠ᠃      ( ᠬᠤᠶᠠᠷ ) ᠪᠡᠯᠡ ᠮᠥᠩᠭᠦ ᠶᠢᠨ ᠪᠠᠲᠤᠯᠠᠭ᠎ᠠ ᠶᠢ ᠴᠢᠩᠭᠠᠷᠠᠭᠤᠯᠤᠨ᠎ᠠ᠃ ᠤᠯᠤᠰ ᠪᠣᠯᠣᠨ ᠥᠪᠡᠷᠲᠡᠭᠡᠨ ᠵᠠᠰᠠᠬᠤ ᠣᠷᠣᠨ ᠤ ᠲᠤᠰᠬᠠᠢ ᠵᠦᠢᠯ ᠤᠨ ᠪᠡᠯᠡ ᠮᠥᠩᠭᠦ ᠶᠢᠨ ᠳᠡᠮᠵᠢᠬᠦ ᠡᠷᠴᠢᠮ ᠢ ᠴᠢᠷᠮᠠᠶᠢᠨ ᠣᠯᠵᠤ᠂ ᠤᠯᠤᠰ᠂ ᠥᠪᠡᠷᠲᠡᠭᠡᠨ ᠵᠠᠰᠠᠬᠤ ᠣᠷᠣᠨ ᠤ ᠭᠤᠣᠯᠳᠠᠯᠭ᠎ᠠ ᠲᠠᠢ ᠲᠥᠯᠦᠪᠵᠢᠭᠦᠯᠭᠡ ᠪᠣᠯᠣᠨ ᠲᠤᠰ ᠲᠥᠰᠥᠯ ᠤᠨ ᠳᠣᠲᠣᠷ᠎ᠠ ᠣᠷᠣᠭᠤᠯᠤᠭᠰᠠᠨ ᠲᠥᠷᠥᠯ ᠵᠦᠢᠯ ᠳᠤ ᠲᠥᠷᠥᠯ ᠵᠦᠢᠯ ᠪᠠᠶᠢᠭᠤᠯᠬᠤ᠂ ᠬᠢᠨᠠᠨ ᠵᠥᠪᠰᠢᠶᠡᠷᠡᠬᠦ᠂ ᠭᠠᠵᠠᠷ ᠲᠠᠲᠠᠪᠤᠷᠢᠯᠠᠬᠤ᠂ ᠪᠦᠲᠦᠭᠡᠨ ᠪᠠᠶᠢᠭᠤᠯᠬᠤ᠂ ᠪᠡᠯᠡ ᠲᠣᠬᠢᠷᠠᠭᠤᠯᠬᠤ ᠵᠡᠷᠭᠡ ᠵᠠᠩᠭᠢᠯᠠᠭ᠎ᠠ ᠳᠤ ᠭᠤᠣᠯᠳᠠᠯᠭ᠎ᠠ ᠲᠠᠢ ᠳᠡᠮᠵᠢᠯᠭᠡ ᠦᠵᠡᠭᠦᠯᠬᠦ ᠬᠡᠷᠡᠭᠲᠡᠢ᠃( ᠭᠤᠷᠪᠠ ) ᠰᠢᠯᠭᠠᠨ ᠬᠢᠨᠠᠵᠤ ᠰᠢᠮᠳᠠᠭᠤᠯᠤᠨ ᠪᠠᠶᠢᠴᠠᠭᠠᠬᠤ ᠶᠢ ᠴᠢᠩᠭᠠᠷᠠᠭᠤᠯᠤᠨ᠎ᠠ᠃ ᠰᠢᠯᠭᠠᠨ ᠬᠢᠨᠠᠵᠤ ᠦᠨᠡᠯᠡᠬᠦ ᠰᠢᠰᠲ᠋ᠧᠮᠵᠢ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ︽ᠵᠢᠭᠤᠯᠴᠢᠯᠠᠯ ᠤᠨ ᠳᠥᠷᠪᠡᠨ ᠭᠠᠵᠠᠷ︾  ᠤᠨ ᠠᠵᠢᠯ ᠢ ᠡᠯ᠎ᠡ ᠰᠤᠮᠤ ᠪᠠᠯᠭᠠᠰᠤᠨ ᠤ ᠡᠯ᠎ᠡ ᠰᠠᠯᠠᠭ᠎ᠠ ᠮᠥᠴᠢᠷ ᠤᠨ ᠣᠨ ᠰᠢᠯᠭᠠᠨ ᠬᠢᠨᠠᠬᠤ ᠬᠡᠪᠴᠢᠶᠡᠨ ᠳᠤ ᠣᠷᠣᠭᠤᠯᠵᠤ᠂ ᠮᠠᠨ ᠤ ᠰᠢᠶᠠᠨ ᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠶᠢᠨ ᠬᠢᠷᠢ ᠬᠡᠮᠵᠢᠶ᠎ᠡ ᠶᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ 
ᠢᠷᠡᠯᠲᠡ᠄ ᠦᠶᠤᠸᠠᠨ ᠰᠢᠶᠠᠨ ᠤ ᠠᠷᠠᠳ ᠤᠨ ᠵᠠᠰᠠᠭ ᠤᠨ ᠣᠷᠳᠤᠨ ᠤ ᠮᠣᠡᠭᠭᠤᠯ ᠰᠦᠯᠵᠢᠶ᠎ᠡ