ᠨᠠᠮᠤᠷ ᠤᠨ ᠰᠡᠷᠢᠬᠦᠨ ᠤᠷᠤᠬᠤ ᠳᠤ ᠪᠡᠶ᠎ᠠ ᠪᠠᠨ ᠶᠠᠭᠠᠬᠢᠵᠤ ᠰᠤᠪᠢᠯᠠᠬᠤ ᠪᠤᠢ
ᠨᠡᠶᠢᠲᠡᠯᠡᠭᠰᠡᠨ ᠴᠠᠭ᠄
2024/8/20
      ᠵᠤᠨ ᠤ ᠬᠠᠯᠠᠭᠤᠨ ᠠᠴᠠ ᠪᠤᠯᠵᠤ ᠬᠦᠮᠦᠨ ᠤ ᠪᠡᠶ᠎ᠠ ᠶᠢᠨ ᠬᠡᠪ ᠤᠨ ᠠᠵᠢᠯᠯᠠᠭ᠎ᠠ ᠠᠳᠠᠯᠢ ᠪᠤᠰᠤ ᠬᠡᠮᠵᠢᠶᠡᠨ ᠤ ᠬᠤᠪᠢᠷᠠᠯᠳᠠ ᠲᠠᠢ ᠪᠤᠯᠵᠤ᠂ ᠨᠠᠮᠤᠷ  ᠤᠨ  ᠤᠯᠠᠷᠢᠯ ᠪᠤᠯᠤᠬᠰᠠᠭᠠᠷ ᠰᠢᠯᠦᠰᠦᠨ ᠤ ᠱᠦᠬᠦᠷᠡᠯᠳᠡ ᠪᠠᠭᠠᠰᠴᠤ᠂ ᠪᠡᠶ᠎ᠡ ᠶᠢᠨ ᠠᠷᠠᠰᠤ ᠬᠠᠭᠤᠷᠠᠶᠢᠰᠢᠬᠤ᠂ ᠬᠠᠮᠠᠷ ᠠᠮᠠ ᠬᠠᠳᠠᠬᠤ᠂ ᠨᠢᠳᠤ ᠤᠯᠠᠶᠢᠵᠤ ᠡᠪᠡᠳᠬᠦ᠂ ᠬᠤᠷᠭᠤᠰᠤ ᠬᠠᠳᠠᠬᠤ ᠵᠡᠷᠭᠡ ᠡᠪᠡᠳᠴᠢᠨ ᠬᠡᠮ ᠠᠮᠠᠷᠬᠠᠨ ᠡᠬᠦᠰᠳᠡᠭ᠂ ᠳᠡᠷᠡᠴᠢᠯᠡᠨ ᠡᠪᠡᠳᠴᠢᠨ ᠢ ᠳᠠᠭᠠᠭᠠᠬᠤ ᠴᠢᠳᠠᠪᠦᠷᠢ ᠨᠢ ᠮᠡᠳᠡᠭᠳᠡᠮ᠎ᠡ ᠪᠠᠭᠤᠷᠠᠢ ᠪᠤᠯᠳᠠᠬ ᠳᠤᠯᠠ ᠪᠤᠰᠤᠳ ᠵᠦᠢᠯ ᠤᠨ ᠶᠡᠷᠦ ᠶᠢᠨ ᠡᠪᠡᠳᠴᠢᠨ ᠠᠷᠬᠠᠬ ᠪᠤᠶᠤ ᠬᠠᠯᠳᠠᠪᠦᠷᠢᠳᠤ ᠡᠪᠡᠳᠴᠢᠨ ᠬᠢᠵᠢᠭ ᠲᠤ ᠠᠮᠠᠷᠬᠠᠨ ᠨᠡᠷᠪᠡᠭᠳᠡᠳᠡᠭ᠃       ᠡᠶᠢᠮᠦ ᠠᠴᠠ ᠨᠠᠮᠤᠷ ᠤᠨ ᠰᠤᠪᠢᠯᠠᠯᠳᠠ ᠳᠤ᠄      ︵1︶ ᠬᠡᠳᠤ ᠶᠠᠳᠠᠷᠠᠬᠤ᠂ ᠤᠨᠴᠠᠭᠠᠶᠢᠯᠠᠨ ᠳᠤᠳᠤᠷ ᠳᠠᠮᠢᠷ ᠢᠶᠠᠨ ᠶᠡᠭᠡ ᠪᠠᠷᠠᠬᠤ ᠶᠢ ᠰᠡᠷᠭᠡᠶᠢᠯᠡᠵᠤ ᠬᠡᠳᠤ ᠬᠦᠯᠦᠷᠡᠬᠦ ᠦᠬᠡᠢ ᠪᠠᠶᠢᠬᠤ ᠬᠡᠷᠡᠭᠲᠡᠢ᠃      ︵2︶ ᠠᠮᠢᠳᠤᠷᠠᠯ ᠢᠶᠠᠨ ᠵᠢᠮ᠎ᠠ ᠵᠦᠢ ᠲᠠᠢ ᠪᠠᠶᠢᠯᠭᠠᠵᠤ᠂ ᠰᠠᠭᠤᠬᠤ ᠦᠷᠤᠬᠡᠨ ᠳᠡᠭᠡᠨ ᠬᠤᠸᠠᠷ ᠴᠡᠴᠡᠭ ᠳᠡᠵᠢᠬᠡᠵᠤ ᠦᠷᠬᠦᠯᠵᠢ ᠪᠠᠭ᠎ᠠ ᠰᠠᠭ᠎ᠠ ᠤᠰᠤ ᠰᠦᠷᠴᠢᠨ ᠠᠭᠤᠷ ᠠᠮᠢᠰᠬᠤᠯ ᠢᠶᠠᠨ ᠴᠢᠬᠢᠭᠯᠢᠭ ᠪᠠᠶᠢᠯᠭᠠᠬᠤ ᠬᠡᠷᠡᠭᠲᠡᠢ᠃      ︵3︶ ᠢᠳᠡᠬᠡᠨ ᠤᠮᠳᠠᠭᠠᠨ ᠢᠶᠠᠨ ᠳᠤᠬᠢᠳᠡᠢ ᠳᠤᠬᠢᠷᠠᠭᠤᠯᠵᠤ ᠠᠭᠤᠰᠭᠢ᠂ ᠴᠤᠯᠤ ᠶᠢᠨ ᠳᠠᠮᠢᠷ ᠢ ᠰᠠᠶᠢᠵᠢᠷᠠᠭᠤᠯᠬᠤ ᠰᠢᠮ᠎ᠡ ᠳᠡᠵᠢᠬᠡᠯ ᠰᠠᠶᠢᠲᠠᠢ ᠢᠳᠡᠭᠡᠨ ᠲᠤᠬᠠᠶᠢᠯᠠᠪᠠᠯ ᠮᠠᠭᠠᠵᠢ᠂ ᠵᠢᠵᠢᠭ ᠴᠠᠭᠠᠨ ᠨᠤᠭᠤᠭ᠎ᠠ᠂ ᠯᠤᠤᠪᠠᠩ᠂ ᠠᠯᠢᠮ᠎ᠠ᠂ ᠱᠠᠪᠳᠠᠯ᠎ᠠ᠂ ᠴᠠᠭᠠᠨ ᠳᠡᠯᠳᠡᠤ ᠵᠡᠷᠭᠡ ᠶᠢ ᠢᠯᠡᠬᠦᠬᠡᠨ ᠢᠳᠡᠵᠤ ᠪᠠᠶᠢᠪᠠᠯ ᠰᠠᠶᠢᠨ᠃      ︵4︶ ᠨᠠᠮᠤᠷ ᠪᠤᠷᠤᠭᠠᠨ ᠰᠢᠪᠡᠷᠡᠬᠦ ᠪᠦᠷᠢ ᠲᠡᠭᠷᠢ ᠬᠦᠢᠳᠡᠷᠡᠨ᠎ᠠ ᠭᠡᠳᠡᠭ᠂ ᠪᠡᠶ᠎ᠠ ᠡᠷᠡᠬᠦᠯ ᠴᠢᠬᠢᠷᠠᠬ ᠬᠦᠮᠦᠰ ᠲᠤ ᠠᠪᠴᠤ ᠬᠡᠯᠡᠪᠡᠯ ᠬᠡᠳᠤ ᠡᠷᠳᠡ ᠡᠮᠤᠰᠴᠤ ᠵᠡᠭᠦᠬᠦ ᠪᠠᠨ ᠵᠤᠵᠠᠭᠠᠯᠠᠬᠤ ᠦᠬᠡᠢ ᠪᠤᠯ ᠵᠤᠬᠢᠨ᠎ᠠ᠃ ᠬᠠᠷᠢᠨ ᠳᠠᠮᠢᠷ ᠤᠨ ᠪᠤᠯᠪᠠᠰᠤᠷᠠᠯ ᠳᠤ ᠢᠯᠡᠬᠦᠬᠡᠨ ᠤᠷᠤᠯᠴᠠᠵᠤ᠂ ᠡᠪᠡᠳᠴᠢᠨ ᠢ ᠳᠠᠭᠠᠭᠠᠬᠤ ᠴᠢᠳᠠᠪᠦᠷᠢ ᠪᠠᠨ ᠲᠡᠭᠡᠭᠰᠢᠯᠡᠭᠦᠯᠬᠦ ᠬᠡᠷᠡᠭᠲᠡᠢ᠃ ᠭᠡᠪᠡᠴᠤ ᠬᠡᠳᠤᠷᠬᠡᠢ ᠨᠢᠮᠬᠡᠨ ᠡᠮᠤᠰᠴᠤ ᠵᠡᠬᠦᠬᠦ ᠦᠬᠡᠢ᠃ ᠦᠬᠡᠢ ᠪᠤᠯ ᠦᠶ᠎ᠠ ᠭᠡᠰᠢᠭᠦᠦ ᠶᠢᠨ ᠡᠪᠡᠳᠴᠢᠨ᠂ ᠮᠦᠬᠡᠷᠰᠤᠨ ᠬᠤᠭᠤᠯᠠᠢ ᠶᠢᠨ ᠦᠷᠪᠢᠰᠤᠯ᠂ ᠰᠢᠩᠭᠡᠭᠡᠯᠳᠡ ᠶᠢᠨ ᠵᠠᠮ ᠤᠨ ᠡᠪᠡᠳᠴᠢᠨ ᠵᠡᠷᠭᠡ ᠳᠤ ᠨᠡᠷᠪᠡᠭᠳᠡᠳᠡᠭ᠃      ︵5︶ ᠨᠠᠮᠤᠷ ᠤᠨ ᠴᠠᠬ ᠲᠤ ᠬᠠᠯᠠᠭᠤᠨ ᠬᠦᠢᠳᠡᠨ ᠨᠢ ᠳᠤᠬᠳᠠᠭᠤᠨ ᠦᠬᠡᠢ ᠳᠤᠯᠠ‌‍ᠬᠡᠤᠬᠡᠳ ᠠᠮᠠᠷᠬᠠᠨ ᠡᠪᠡᠳᠴᠢᠯᠡᠳᠡᠭ᠂ ᠨᠠᠰᠤᠳᠠᠶᠢᠴᠤᠳ ᠠᠮᠠᠷᠬᠠᠨ ᠬᠢᠮᠦᠷᠠᠬᠤ ᠪᠤᠶᠤ ᠬᠠᠭᠤᠴᠢᠨ ᠡᠪᠡᠳᠴᠢᠨ ᠬᠡᠮ ᠨᠢ ᠬᠦᠳᠡᠯᠳᠡᠭ᠃ ᠴᠢᠰᠤᠨ ᠳᠠᠷᠤᠯᠳᠠ ᠦᠨᠳᠤᠷ ᠡᠪᠡᠳᠴᠢᠳᠡᠨ ᠨᠠᠮᠤᠷ ᠤᠨ ᠬᠦᠢᠳᠡᠨ ᠳᠤ ᠴᠢᠰᠤᠨ ᠰᠤᠳᠠᠯ ᠨᠢ ᠠᠪᠴᠢᠵᠤ ᠴᠢᠰᠤᠨ ᠳᠠᠷᠤᠯᠳᠠ ᠨᠢ ᠦᠨᠳᠤᠷᠵᠢᠳᠡᠭ ᠳᠤᠯᠠ ᠦᠷᠬᠦᠯᠵᠢ ᠴᠢᠰᠤᠨ ᠳᠠᠷᠤᠯᠳᠠ ᠪᠠᠨ ᠬᠡᠮᠵᠢᠨ ᠡᠮ ᠲᠠᠩ ᠢᠶᠠᠨ ᠳᠠᠰᠤᠯᠳᠠᠭᠤᠯᠤᠯ ᠦᠬᠡᠢ ᠤᠤᠭᠤᠵᠤ᠂ ᠡᠮᠴᠢ ᠪᠠᠷ ᠤᠨᠤᠰᠢᠯᠠᠭᠤᠯᠬᠤ ᠶᠢ ᠠᠩᠬᠠᠷᠬᠤ ᠬᠡᠷᠡᠭᠲᠡᠢ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ