︽ᠳ᠋ᠧᠩ ᠰᠢᠶᠣᠣ ᠫᠢᠩ ᠤᠨ ᠵᠣᠬᠢᠶᠠᠯ ᠤᠨ ᠡᠮᠬᠢᠳᠬᠡᠯ ︵1925 -1949 ᠣᠨ︶︾ ᠢ ᠬᠡᠪᠯᠡᠨ ᠲᠠᠷᠬᠠᠭᠠᠪᠠ
ᠨᠡᠶᠢᠲᠡᠯᠡᠭᠰᠡᠨ ᠴᠠᠭ᠄
2024/8/23
      ᠳ᠋ᠧᠩ ᠰᠢᠶᠣᠣ ᠫᠢᠩ ᠨᠥᠬᠦᠷ ᠤᠨ ᠮᠡᠨᠳᠦᠯᠡᠭᠰᠡᠨ 120 ᠵᠢᠯ ᠤᠨ ᠤᠢ ᠶᠢ ᠳᠤᠷᠠᠰᠬᠠᠬᠤ ᠶᠢᠨ ᠲᠥᠯᠥᠭᠡ᠂ ᠨᠠᠮ ᠤᠨ ᠲᠥᠪ ᠬᠤᠷᠢᠶ᠎ᠠ ᠶᠢᠨ ᠵᠥᠪᠰᠢᠶᠡᠷᠡᠯ ᠢᠶᠠᠷ᠂ ᠨᠠᠮ ᠤᠨ ᠲᠥᠪ ᠬᠤᠷᠢᠶ᠎ᠠ ᠶᠢᠨ ᠨᠠᠮ ᠤᠨ ᠲᠡᠦᠬᠡ ᠪᠠ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠤᠨ ᠨᠠᠶᠢᠷᠠᠭᠤᠯᠤᠭᠰᠠᠨ ︽ᠳ᠋ᠧᠩ ᠰᠢᠶᠣᠣ ᠫᠢᠩ ᠤᠨ ᠵᠣᠬᠢᠶᠠᠯ ᠤᠨ ᠡᠮᠬᠢᠳᠬᠡᠯ ︵1925 -1949 ᠣᠨ︶︾ ᠢ ᠣᠶᠢᠷ᠎ᠠ ᠶᠢᠨ ᠡᠳᠦᠷ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠵᠦ᠂ ᠲᠤᠰ ᠡᠳᠦᠷ ᠠᠴᠠ ᠡᠬᠢᠯᠡᠨ ᠪᠦᠭᠦ ᠤᠯᠤᠰ ᠲᠤ ᠲᠠᠷᠬᠠᠭᠠᠪᠠ᠃      ᠲᠤᠰ ᠵᠣᠬᠢᠶᠠᠯ ᠤᠨ ᠡᠮᠬᠢᠳᠬᠡᠯ ᠨᠢ ᠭᠤᠷᠪᠠᠨ ᠪᠣᠳᠢ ᠪᠠᠶᠢᠵᠤ᠂ 20 ᠳ᠋ᠤᠭᠠᠷ ᠵᠠᠭᠤᠨ ᠤ ᠬᠤᠷᠢᠭᠠᠳ ᠣᠨ ᠤ ᠳᠤᠮᠳᠠᠴᠢ ᠦᠶ᠎ᠡ ᠠᠴᠠ ᠰᠢᠨ᠎ᠡ ᠳᠤᠮᠳᠠᠳᠤ ᠤᠯᠤᠰ ᠪᠠᠶᠢᠭᠤᠯᠤᠭᠳᠠᠬᠤ ᠬᠦᠷᠲᠡᠯᠡᠬᠢ ᠳ᠋ᠧᠩ ᠰᠢᠶᠣᠣ ᠫᠢᠩ ᠨᠥᠬᠦᠷ ᠤᠨ ᠶᠠᠷᠢᠶ᠎ᠠ᠂ ᠮᠡᠳᠡᠭᠦᠯᠦᠯᠲᠡ᠂ ᠶᠠᠷᠢᠯᠴᠠᠭ᠎ᠠ᠂ ᠵᠣᠬᠢᠶᠠᠯ᠂ ᠴᠠᠭᠢᠯᠭᠠᠨ ᠮᠡᠳᠡᠭᠡ᠂ ᠵᠠᠬᠢᠳᠠᠯ᠂ ᠵᠠᠷᠯᠢᠭ᠂ ᠪᠢᠴᠢᠭᠡᠰᠦ ᠵᠡᠷᠭᠡ ᠶᠢ ᠪᠠᠭᠲᠠᠭᠠᠭᠠᠳ ᠨᠡᠶᠢᠲᠡ 207 ᠵᠣᠬᠢᠶᠠᠯ ᠢ ᠣᠷᠣᠭᠤᠯᠵᠤ᠂ ᠦᠰᠦᠭ ᠤᠨ ᠲᠤᠭ᠎ᠠ ᠨᠢ 90 ᠭᠠᠷᠤᠢ  ᠲᠦᠮᠡ ᠳᠤ  ᠬᠦᠷᠴᠡᠢ᠃      ᠲᠤᠰ ᠵᠣᠬᠢᠶᠠᠯ ᠤᠨ ᠡᠮᠬᠢᠳᠬᠡᠯ ᠪᠣᠯ ︽ᠳ᠋ᠧᠩ ᠰᠢᠶᠣᠣ ᠫᠢᠩ ᠤᠨ ᠵᠣᠬᠢᠶᠠᠯ ᠤᠨ ᠰᠣᠩᠭᠤᠮᠠᠯ︾ ᠤᠨ ᠴᠢᠬᠤᠯᠠ ᠨᠥᠬᠦᠪᠦᠷᠢ ᠮᠥᠨ᠂ ᠳ᠋ᠧᠩ ᠰᠢᠶᠣᠣ ᠫᠢᠩ ᠨᠥᠬᠦᠷ ᠤᠨ ᠭᠡᠷᠡᠯ ᠰᠠᠴᠤᠷᠠᠩᠭᠤᠢ ᠭᠠᠪᠢᠶ᠎ᠠ ᠵᠢᠳᠬᠦᠯ ᠪᠠ ᠤᠶᠤᠨ ᠰᠠᠨᠠᠭᠠᠨ ᠤ ᠬᠡᠪ ᠰᠤᠷᠲᠠᠯ ᠢ ᠭᠦᠨᠵᠡᠭᠡᠢ ᠣᠶᠢᠯᠠᠭᠠᠵᠤ᠂ ᠥᠷᠭᠡᠨ ᠤᠯᠠᠨ ᠨᠠᠮ ᠤᠨ ᠭᠡᠰᠢᠭᠦᠨ ᠺᠠᠳ᠋ᠷᠴᠤᠳ ᠢ ᠬᠠᠪᠰᠤᠷᠤᠨ ᠨᠠᠮ ᠤᠨ ᠲᠡᠦᠬᠡ ᠶᠢ ᠰᠤᠷᠤᠯᠴᠠᠵᠤ᠂ ᠰᠢ ᠶᠢᠨ ᠫᠢᠩ ᠨᠥᠬᠦᠷ ᠢᠶᠠᠷ ᠭᠤᠣᠯᠯᠠᠭᠤᠯᠤᠭᠰᠠᠨ ᠨᠠᠮ ᠤᠨ ᠲᠥᠪ ᠬᠤᠷᠢᠶ᠎ᠠ ᠶᠢᠨ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠦᠭᠦ ᠲᠠᠯ᠎ᠠ ᠪᠠᠷ ᠠᠬᠢᠭᠤᠯᠬᠤ ᠶᠢᠨ ᠲᠥᠯᠥᠭᠡ ᠪᠦᠯᠬᠦᠮᠳᠡᠨ ᠲᠡᠮᠡᠴᠡᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠶᠤᠮ᠃ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ