ᠥᠨᠢᠷ ᠪᠠᠶᠠᠯᠢᠭ ᠠᠳᠤᠭᠤᠨ ᠰᠣᠶᠣᠯ
ᠨᠡᠶᠢᠲᠡᠯᠡᠭᠰᠡᠨ ᠴᠠᠭ᠄
2024/8/23
      ᠮᠣᠷᠢᠲᠠᠨ ᠦᠨᠳᠦᠰᠦᠲᠡᠨ ᠮᠣᠩᠭᠤᠯᠴᠤᠳ ᠲᠤ ᠥᠨᠢᠷ ᠪᠠᠶᠠᠯᠢᠭ ᠠᠳᠤᠭᠤᠨ ᠰᠣᠶᠣᠯ ᠲᠠᠢ ᠪᠠᠶᠢᠳᠠᠭ᠃ ᠲᠡᠷᠡ ᠨᠢ ᠨᠡᠷᠡᠶᠢᠳᠦᠯ᠂ ᠥᠩᠭᠡ ᠵᠢᠰᠦᠮ᠂ ᠨᠠᠰᠤ ᠰᠢᠲᠦ᠂ ᠠᠯᠬᠤᠳᠠᠯ ᠭᠢᠰᠬᠢᠳᠡᠯ ᠠᠴᠠ ᠠᠪᠤᠭᠠᠳ ᠡᠳᠦᠷ ᠲᠤᠳᠤᠮ ᠤᠨ ᠡᠳ᠋ᠯᠡᠵᠦ ᠬᠡᠷᠡᠭᠯᠡᠬᠦ᠂ ᠠᠷᠠᠴᠢᠯᠠᠵᠤ ᠳᠣᠳᠣᠮᠳᠠᠬᠤ ᠵᠢᠴᠢ ᠣᠨᠴᠠᠭᠠᠢ ᠴᠠᠭ ᠦᠶ᠎ᠡ ᠶᠢᠨ ᠵᠠᠩ ᠦᠢᠯᠡ᠂ ᠴᠡᠭᠡᠷ ᠶᠣᠰᠣ ᠵᠡᠷᠭᠡ ᠪᠠᠶᠠᠯᠢᠭ ᠠᠭᠤᠯᠬᠤᠨ ᠲᠠᠢ ᠪᠠᠶᠢᠳᠠᠭ᠃       ᠠᠳᠤᠭᠤ ᠶᠢ ᠥᠩᠭᠡ ᠵᠢᠰᠦᠮ ᠢᠶᠠᠷ ᠨᠢ ᠢᠯᠭᠠᠨ ᠨᠡᠷᠡᠯᠡᠬᠦ ᠳᠤ ᠭᠤᠣᠯᠳᠠᠭᠤ ᠦᠰᠦ ᠰᠣᠷ ᠤᠨ ᠬᠢᠨᠢ ᠥᠩᠭᠡ ᠶᠢ ᠦᠨᠳᠦᠰᠦᠯᠡᠳᠡᠭ᠃ ᠠᠳᠤᠭᠤᠨ ᠤ ᠥᠩᠭᠡ ᠵᠢᠰᠦᠮ ᠵᠠᠭᠤ ᠮᠢᠩᠭ᠎ᠠ ᠪᠠᠷ ᠲᠣᠭᠠᠯᠠᠭᠳᠠᠬᠤ ᠪᠣᠯᠪᠠᠴᠤ ᠦᠰᠦ ᠰᠣᠷ ᠤᠨ ᠬᠢᠨᠢ ᠦᠨᠳᠦᠰᠦᠨ ᠥᠩᠭᠡ ᠶᠢ ᠦᠨᠳᠦᠰᠦᠯᠡᠭᠡᠳ ᠳᠠᠩ ᠵᠢᠰᠦᠮ ᠪᠠ ᠳᠠᠪᠬᠤᠷ ᠵᠢᠰᠦᠮ ᠭᠡᠵᠦ ᠬᠤᠶᠠᠷ ᠬᠤᠪᠢᠶᠠᠨ᠎ᠠ᠃       ᠲᠠᠩ ᠵᠢᠰᠦᠮ ᠳᠤ ᠬᠠᠷ᠎ᠠ᠂ ᠬᠡᠭᠡᠷ᠂ ᠬᠦᠷᠡᠩ᠂ ᠬᠤᠸᠠ᠂ ᠵᠡᠭᠡᠷᠳᠡ᠂ ᠰᠠᠭᠠᠷᠠᠯ᠂ ᠰᠢᠷᠭ᠎ᠠ ᠵᠡᠷᠭᠡ ᠪᠣᠢ᠃ ᠳᠠᠪᠬᠤᠷ ᠵᠢᠰᠦᠮ ᠭᠡᠪᠡᠯ ᠠᠳᠤᠭᠤᠨ ᠤ ᠦᠰᠦ ᠰᠣᠷ ᠨᠢ ᠬᠤᠶᠠᠷ ᠪᠤᠶᠤ ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ ᠢ ᠬᠡᠯᠡᠨ᠎ᠡ᠂ ᠳᠠᠪᠬᠤᠷ ᠵᠢᠰᠦᠮ ᠳᠤ ᠬᠠᠯᠢᠭᠤᠨ᠂ ᠪᠣᠷᠣ᠂ ᠪᠤᠭᠤᠷᠤᠯ᠂ ᠠᠯᠠᠭ ᠴᠣᠬᠤᠷ᠂ ᠬᠠᠯᠲᠠᠷ ᠵᠡᠷᠭᠡ ᠪᠠᠶᠢᠳᠠᠭ᠃ ᠳᠠᠪᠬᠤᠷ ᠵᠢᠰᠦᠮ ᠨᠢ ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ ᠪᠣᠯᠬᠤᠷ ᠭᠤᠣᠯ ᠪᠣᠯᠬᠤ ᠦᠰᠦ᠂ ᠰᠣᠷ ᠤᠨ ᠬᠢᠨᠢ ᠥᠩᠭᠡ ᠶᠢ ᠬᠤᠯᠢᠯᠳᠤᠭᠰᠠᠨ ᠥᠩᠭᠡ ᠪᠠᠷ ᠨᠢ ᠲᠣᠳᠣᠳᠬᠠᠨ ᠨᠡᠷᠡᠯᠡᠬᠦ ᠲᠤᠯᠠ ᠳᠠᠪᠬᠤᠷ ᠵᠢᠰᠦᠮ ᠤᠨ ᠨᠡᠷᠡᠶᠢᠳᠦᠯ ᠲᠤᠩ ᠣᠯᠠᠨ ᠪᠣᠯᠬᠤ ᠪᠥᠭᠡᠳ ᠨᠠᠷᠢᠨ ᠢᠯᠭᠠᠭ᠎ᠠ ᠲᠠᠢ ᠪᠠᠶᠢᠳᠠᠭ᠃ ᠵᠢᠱᠢᠶᠡᠯᠡᠪᠡᠯ᠄ ᠬᠡᠭᠡᠷ ᠵᠢᠰᠦᠮ ᠤᠨ ᠮᠣᠷᠢ ᠶᠢ ᠲᠡᠭᠦᠨ ᠤ ᠬᠤᠯᠢᠯᠳᠤᠭᠰᠠᠨ ᠦᠰᠦ ᠰᠣᠷ ᠢᠶᠠᠷ ᠨᠢ ᠲᠣᠳᠣᠳᠬᠠᠬᠤ ᠳᠤ ᠬᠠᠷ᠎ᠠ ᠬᠡᠭᠡᠷ᠂ ᠬᠠᠯᠲᠠᠷ ᠬᠡᠭᠡᠷ᠂ ᠤᠯᠠᠭᠠᠨ ᠬᠡᠭᠡᠷ᠂ ᠭᠡᠬᠦ ᠁ ᠰᠠᠭᠠᠷᠠᠯ ᠮᠣᠷᠢ ᠶᠢ ᠴᠠᠭ᠎ᠠ ᠰᠠᠭᠠᠷᠠᠯ᠂ ᠴᠢᠯᠪᠠᠩ ᠰᠠᠭᠠᠷᠠᠯ᠂ ᠤᠯᠠᠭᠠᠨ ᠰᠠᠭᠠᠷᠠᠯ᠂ ᠬᠥᠬᠡ ᠰᠠᠭᠠᠷᠠᠯ᠂ ᠬᠠᠯᠢᠭᠤᠨ ᠰᠠᠭᠠᠷᠠᠯ ᠭᠡᠬᠦ ᠮᠡᠲᠦᠴᠢᠯᠡᠨ ᠨᠠᠷᠢᠨ ᠢᠯᠭᠠᠵᠤ ᠪᠣᠯᠣᠨ᠎ᠠ᠃ ᠮᠣᠷᠢᠨ ᠳᠤ ᠪᠠᠭ᠋ᠠᠲᠠᠢ ᠮᠣᠩᠭᠤᠯᠴᠤᠳ ᠰᠠᠶᠢᠨ ᠮᠠᠭᠤ ᠮᠣᠷᠢ ᠶᠢ ᠠᠯᠬᠤᠳᠠᠯ ᠭᠢᠰᠬᠢᠳᠡᠯ ᠢᠶᠠᠷ ᠨᠢ ᠰᠢᠨᠵᠢᠨ ᠮᠡᠳᠡᠳᠡᠭ᠃       ᠮᠣᠷᠢᠨ ᠤ ᠶᠠᠪᠤᠳᠠᠯ ᠢ ᠶᠡᠷᠦᠩᠬᠡᠢ ᠳᠤ ᠪᠠᠨ ᠤᠷᠠᠨ ᠶᠠᠪᠤᠳᠠᠯ᠂ ᠡᠩ ᠤᠨ ᠶᠠᠪᠤᠳᠠᠯ ᠭᠡᠵᠦ ᠬᠤᠶᠠᠷ ᠬᠤᠪᠢᠶᠠᠳᠠᠭ᠃ ᠡᠭᠦᠨ ᠳᠤ ᠤᠷᠠᠨ ᠶᠠᠪᠤᠳᠠᠯ ᠳᠤ ᠵᠢᠷᠤᠭ᠎ᠠ᠂ ᠰᠠᠶᠢᠪᠤᠷ᠂ ᠬᠤᠸᠠᠷ ᠬᠠᠲᠠᠷᠢᠶ᠎ᠠ ᠪᠠᠭᠲᠠᠵᠤ᠂ ᠡᠩ ᠤᠨ ᠶᠠᠪᠤᠳᠠᠯ ᠳᠤ ᠱᠣᠭᠰᠢᠶ᠎ᠠ᠂ ᠬᠠᠲᠠᠷᠢᠶ᠎ᠠ᠂ ᠳᠠᠪᠬᠢᠶ᠎ᠠ᠂ ᠠᠯᠬᠤᠭ᠎ᠠ᠂ ᠰᠡᠭᠡᠯᠭᠡ ᠵᠡᠷᠭᠡ ᠪᠣᠢ ᠃       ᠵᠢᠷᠤᠭ᠎ᠠ ᠪᠣᠯ ᠮᠣᠷᠢᠨ ᠤ ᠬᠠᠮᠤᠭ ᠤᠨ ᠰᠠᠶᠢᠨ ᠶᠠᠪᠤᠳᠠᠯ ᠪᠣᠯᠣᠨ᠎ᠠ᠃ ᠡᠶᠢᠨᠬᠦ ᠵᠢᠷᠤᠭ᠎ᠠ ᠮᠣᠷᠢᠨ ᠤ ᠲᠤᠰᠬᠠᠢ ᠤᠷᠤᠯᠳᠤᠭᠠᠨ ᠪᠠᠷᠤᠭ ᠤᠷᠤᠯᠳᠤᠭᠠᠨ ᠪᠦᠷᠢ ᠳᠤ ᠪᠠᠶᠢᠳᠠᠭ ᠶᠤᠮ᠃ ᠵᠢᠷᠤᠭ᠎ᠠ ᠮᠣᠷᠢᠨ ᠤ ᠥᠷᠥᠭᠡᠯ ᠬᠤᠶᠠᠷ ᠬᠥᠯ ᠨᠢ ᠵᠡᠷᠭᠡ ᠪᠠᠷ ᠲᠤᠰᠬᠤ ᠲᠤᠯᠠ ᠨᠢᠭᠡ ᠠᠯᠬᠤᠮ ᠳᠤ ᠬᠤᠶᠠᠷ ᠲᠤᠭᠤᠷᠠᠢ ᠶᠢᠨ ᠳᠠᠭᠤᠨ ᠭᠠᠷᠬᠤ ᠪᠥᠭᠡᠳ ᠠᠯᠬᠤᠮ ᠪᠦᠷᠢ ᠶᠢᠨ ᠵᠠᠢ ᠪᠣᠯᠣᠨ ᠲᠤᠰᠤᠯᠲᠠ ᠨᠢ ᠵᠢᠭᠳᠡ ᠰᠣᠨᠣᠰᠳᠠᠵᠤ᠂ ᠮᠣᠷᠢᠨ ᠤ ᠨᠢᠷᠤᠭᠤ ᠵᠡᠭᠦᠨᠰᠢ ᠪᠠᠷᠠᠭᠤᠨᠰᠢ ᠪᠠᠭ᠎ᠠ ᠬᠥᠳᠡᠯᠬᠦ ᠠᠴᠠ ᠪᠢᠰᠢ᠂ ᠳᠡᠭᠡᠭᠰᠢ ᠳᠣᠭᠤᠭᠰᠢ ᠳᠡᠮᠡᠢ ᠬᠥᠳᠡᠯᠬᠦ ᠦᠭᠡᠢ ᠪᠠᠶᠢᠳᠠᠭ᠃ ᠵᠢᠷᠤᠭ᠎ᠠ ᠶᠠᠪᠤᠳᠠᠯ ᠨᠢ ᠮᠣᠷᠢᠨ ᠳᠦᠷᠪᠡᠨ ᠮᠥᠴᠢ ᠪᠣᠯᠣᠨ ᠲᠤᠭᠤᠷᠠᠢ ᠰᠢᠭᠢᠷ᠎ᠡ ᠶᠢ ᠴᠢᠭᠢᠷᠠᠭᠵᠢᠭᠤᠯᠳᠠᠭ᠃       ᠠᠳᠤᠭᠤ ᠶᠢ ᠨᠠᠰᠤ ᠰᠢᠲᠤ ᠪᠠᠷ ᠨᠢ ᠢᠯᠭᠠᠵᠤ ᠨᠡᠷᠡᠯᠡᠵᠤ ᠪᠣᠯᠳᠠᠭ᠃ ᠨᠢᠭᠡ ᠨᠠᠰᠤᠨ ᠤ ᠬᠢ ᠶᠢ ᠤᠨᠠᠭ᠎ᠠ᠂ ᠬᠤᠶᠠᠷ ᠨᠠᠰᠤᠨ ᠤ ᠬᠢ ᠶᠢ ᠳᠠᠭ᠎ᠠ᠂ ᠭᠤᠷᠪᠠᠨ ᠨᠠᠰᠤᠨ ᠳᠤ ᠪᠠᠨ ᠡᠭᠦᠳᠡᠨ ᠰᠢᠳᠦ ᠨᠢ ᠬᠤᠶᠠᠷ ᠬᠠᠯᠪᠠᠭ᠎ᠠ ᠲᠠᠢ ᠪᠣᠯᠪᠠᠯ ᠰᠢᠳᠦᠯᠡᠩ ᠭᠡᠵᠦ᠂ ᠳᠦᠷᠪᠡᠨ ᠨᠠᠰᠤᠨ ᠳᠤ ᠪᠠᠨ ᠳᠦᠷᠪᠡᠨ ᠬᠠᠯᠪᠠᠭ᠎ᠠ ᠲᠠᠢ ᠪᠣᠯᠪᠠᠯ ᠬᠢᠵᠠᠭᠠᠯᠠᠩ ᠭᠡᠵᠦ᠂ ᠲᠠᠪᠤᠨ ᠨᠠᠰᠤᠨ ᠳᠤ ᠪᠠᠨ ᠵᠢᠷᠭᠤᠭᠠᠨ ᠬᠠᠯᠪᠠᠭ᠎ᠠ ᠲᠠᠢ ᠪᠣᠯᠪᠠᠯ ᠰᠣᠶᠣᠭᠠᠯᠠᠩ ᠭᠡᠵᠦ᠂ ᠵᠢᠷᠭᠤᠭᠠᠨ ᠨᠠᠰᠤᠨ ᠠᠴᠠ ᠳᠡᠭᠡᠭᠰᠢᠬᠢ ᠶᠢ ᠶᠡᠷᠦᠩᠬᠡᠢ ᠳᠤ ᠨᠢ ᠪᠦᠳᠦᠭᠦᠨ ᠮᠣᠷᠢ ᠭᠡᠳᠡᠭ᠃       ᠬᠦᠢᠰᠦ ᠢᠯᠭᠠᠯ ᠢᠶᠠᠷ ᠨᠢ᠂ ᠠᠵᠢᠷᠭ᠎ᠠ᠂ ᠠᠭᠲᠠ᠂ ᠭᠡᠭᠦᠦ ᠭᠡᠵᠦ ᠨᠡᠷᠡᠯᠡᠭᠡᠳ᠂ ᠳᠣᠲᠣᠷ᠎ᠠ ᠨᠢ ᠪᠠᠰᠠ ᠨᠠᠷᠢᠨ ᠢᠯᠭᠠᠳᠠᠭ᠃ ᠠᠵᠢᠷᠭ᠎ᠠ ᠭᠡᠪᠡᠯ ᠳᠦᠷᠪᠡᠨ ᠨᠠᠰᠤᠨ ᠠᠴᠠ ᠳᠡᠭᠡᠭᠰᠢᠬᠢ ᠦᠷ᠎ᠡ ᠶᠢᠨ ᠮᠣᠷᠢ ᠶᠢᠨ ᠶᠡᠷᠦᠩᠬᠡᠢ ᠨᠡᠷᠡᠶᠢᠳᠦᠯ᠂ ᠠᠭᠲᠠ ᠭᠡᠪᠡᠯ ᠳᠦᠷᠪᠡᠨ ᠨᠠᠰᠤᠨ ᠠᠴᠠ ᠳᠡᠭᠡᠭᠰᠢᠬᠢ ᠠᠭᠲᠠᠯᠠᠭᠰᠠᠨ ᠮᠣᠷᠢᠨ ᠤ ᠶᠡᠷᠦᠩᠬᠡᠢ ᠨᠡᠷ᠎ᠡ᠂ ᠭᠡᠭᠦᠦ ᠭᠡᠪᠡᠯ ᠲᠠᠪᠤᠨ ᠨᠠᠰᠤᠨ ᠠᠴᠠ ᠳᠡᠭᠡᠭᠰᠢᠬᠢ ᠦᠷᠡᠵᠢᠯ ᠤᠨ ᠮᠣᠷᠢ ᠶᠢ ᠵᠢᠭᠠᠳᠠᠭ᠃ ᠦᠷᠢᠶ᠎ᠡ ᠭᠡᠪᠡᠯ ᠭᠤᠷᠪᠠ ᠠᠴᠠ ᠳᠦᠷᠪᠡᠨ ᠨᠠᠰᠤᠨ ᠤ ᠠᠭᠲᠠᠯᠠᠭᠠᠳᠤᠢ ᠮᠣᠷᠢ ᠶᠢ ᠵᠢᠭᠠᠵᠤ᠂ ᠪᠠᠶᠢᠳᠠᠰᠤ ᠭᠡᠪᠡᠯ ᠭᠤᠷᠪᠠ ᠠᠴᠠ ᠲᠠᠪᠤᠨ ᠨᠠᠰᠤᠨ ᠤ ᠡᠮ᠎ᠡ ᠬᠦᠢᠰᠦ ᠲᠠᠢ ᠮᠣᠷᠢ ᠶᠢ ᠬᠡᠯᠡᠳᠡᠭ᠃       ᠮᠣᠩᠭᠤᠯᠴᠤᠳ ᠤᠨ ᠮᠣᠷᠢ ᠲᠠᠢ ᠬᠤᠯᠪᠣᠭᠳᠠᠬᠤ ᠵᠠᠩ ᠦᠢᠯᠡ ᠪᠤᠶᠤ ᠴᠡᠭᠡᠷ ᠶᠣᠰᠣ ᠣᠯᠠᠨ ᠪᠠᠶᠢᠳᠠᠭ᠃ ᠵᠢᠱᠢᠶᠡᠯᠡᠪᠡᠯ᠂ ᠤᠷᠭᠠᠯᠠᠬᠤ᠂ ᠰᠡᠲᠡᠷᠯᠡᠬᠦ᠂ ᠲᠠᠮᠠᠭᠠᠯᠠᠬᠤ᠂ ᠴᠠᠭᠠᠯᠠᠬᠤ᠂ ᠭᠡᠭᠦᠦ ᠰᠠᠭᠠᠬᠤ ᠦᠶ᠎ᠡ ᠶᠢᠨ ᠭᠡᠭᠦᠦ ᠶᠢᠨ ᠦᠷᠡᠰ ᠤᠨ ᠨᠠᠶᠢᠷ ᠴᠢᠭᠳᠠ ᠶᠢᠨ ᠨᠠᠶᠢᠷ ︵ᠵᠡᠯ᠎ᠡ ᠶᠢᠨ ᠨᠠᠶᠢᠷ︶ ᠭᠡᠬᠦ ᠮᠡᠲᠦ᠃ ᠶᠠᠮᠠᠷ ᠨᠢᠭᠡᠨ ᠵᠠᠩ ᠦᠢᠯᠡ ᠶᠠᠪᠤᠭᠳᠠᠬᠤ ᠳᠤ ᠪᠦᠷ ᠵᠣᠬᠢᠬᠤ ᠵᠢᠷᠤᠮ ᠭᠤᠷᠢᠮ ᠲᠠᠢ ᠪᠥᠭᠡᠳ ᠠᠶᠢᠯ ᠠᠶᠢᠮᠠᠭ ᠢᠶᠠᠷ ᠢᠶᠠᠨ ᠬᠠᠮᠲᠤ ᠳᠤ ᠪᠠᠨ ᠣᠷᠣᠯᠴᠠᠳᠠᠭ᠃       ᠶᠠᠭᠤᠨ ᠤ ᠤᠷᠢᠳ ᠮᠣᠷᠢᠨ ᠤ ᠲᠣᠯᠣᠭᠠᠢ ᠶᠢ ᠲᠠᠰᠢᠭᠤᠷᠳᠠᠬᠤ ᠶᠢ ᠴᠡᠭᠡᠷᠯᠡᠨ᠎ᠡ᠃ ᠮᠣᠷᠢ ᠶᠢ ︽ᠮᠠᠭᠤ ᠠᠳᠤᠭᠤ︾ ᠭᠡᠵᠦ ᠳᠠᠭᠤᠳᠠᠬᠤ ᠠᠴᠠ ᠴᠡᠭᠡᠷᠯᠡᠨ᠎ᠡ᠃ ᠮᠣᠷᠢ ᠶᠢ ᠪᠤᠷᠤᠭᠤ ᠬᠠᠷᠠᠵᠤ ᠣᠨᠣᠵᠤ ᠪᠣᠯᠬᠤ ᠦᠭᠡᠢ᠃ ᠮᠣᠷᠢ ᠶᠢ ᠤᠶᠠᠬᠤ ᠳᠤ ᠪᠠᠨ ᠵᠠᠩᠭᠢᠳᠴᠤ ᠤᠶᠠᠬᠤ ᠶᠢ ᠴᠡᠭᠡᠷᠯᠡᠨ᠎ᠡ᠃ ᠪᠠᠰᠠ ᠭᠡᠷ ᠬᠤᠷᠤᠭ᠎ᠠ ᠶᠢᠨ ᠡᠭᠦᠳᠡᠨ ᠠᠴᠠ ᠤᠶᠠᠬᠤ ᠶᠢ ᠴᠡᠭᠡᠷᠯᠡᠨ᠎ᠡ᠃ ᠮᠣᠷᠢ ᠶᠢ ᠬᠦᠵᠦᠭᠦᠪᠴᠢᠯᠡᠨ ᠬᠥᠲᠥᠯᠬᠦ ᠶᠢ ᠴᠡᠭᠡᠷᠯᠡᠨ᠎ᠡ᠃ ᠮᠣᠷᠢ ᠣᠨᠤᠭ᠎ᠠ ᠶᠢ ᠴᠠᠳᠬᠤᠯᠠᠩ ᠦᠶ᠎ᠡ ᠳᠤ ᠨᠢ ᠳᠠᠪᠬᠢᠭᠤᠯᠵᠤ ᠭᠦᠶᠦᠯᠭᠡᠬᠦ ᠶᠢ ᠴᠡᠭᠡᠷᠯᠡᠨ᠎ᠡ᠃ ᠮᠣᠷᠢ ᠶᠢ ᠳᠠᠪᠬᠢᠭᠤᠯᠵᠤ ᠢᠷᠡᠭᠡᠳ ᠭᠡᠨᠡᠳᠲᠡ ᠵᠣᠭᠰᠤᠭᠠᠬᠤ ᠶᠢ ᠴᠡᠭᠡᠷᠯᠡᠨ᠎ᠡ᠃ ᠮᠣᠷᠢᠨ ᠳᠤ ᠮᠣᠷᠳᠠᠬᠤ ᠳᠤ ᠪᠠᠨ ᠰᠢᠷᠦᠭᠦᠨ ᠮᠣᠷᠳᠠᠬᠤ ᠶᠢ ᠴᠡᠭᠡᠷᠯᠡᠨ᠎ᠡ᠃ ᠮᠣᠷᠢ ᠶᠢ ᠬᠥᠯᠥᠰᠦ ᠲᠠᠢ ᠦᠶ᠎ᠡ ᠳᠤ ᠡᠮᠡᠭᠡᠯ ᠲᠣᠬᠤᠮ ᠠᠪᠬᠤ ᠪᠤᠶᠤ ᠤᠰᠤᠯᠠᠬᠤ ᠶᠢ ᠴᠡᠭᠡᠷᠯᠡᠨ᠎ᠡ᠃ ᠮᠣᠷᠢᠲᠠᠢ ᠬᠥᠮᠥᠰ ᠴᠤᠪᠤᠵᠤ ᠶᠠᠪᠤᠬᠤ ᠶᠢ ᠴᠡᠭᠡᠷᠯᠡᠨ᠎ᠡ᠃ ᠡᠳᠡᠭᠡᠷ ᠴᠡᠭᠡᠷ ᠶᠣᠰᠣ ᠨᠢ ᠭᠤᠣᠯᠳᠠᠭᠤ ᠮᠣᠷᠢ ᠣᠨᠣᠭᠠᠨ ᠳᠤ ᠠᠷᠬᠠᠭ ᠭᠡᠮ ᠲᠣᠭᠲᠠᠬᠤ ᠠᠴᠠ ᠨᠢ ᠬᠢᠴᠢᠶᠡᠭᠰᠡᠨ ᠪᠠ ᠮᠣᠩᠭᠤᠯ ᠬᠥᠮᠥᠨ ᠮᠣᠷᠢ ᠶᠢ ︽ᠲᠡᠭᠷᠢ ᠶᠢᠨ ᠤᠨᠠᠭ᠎ᠠ︾ ᠬᠡᠮᠡᠨ ᠰᠢᠳᠤᠨ ᠬᠠᠶᠢᠷᠠᠯᠠᠳᠠᠭ ᠲᠠᠢ ᠬᠤᠯᠪᠤᠭ᠎ᠠ ᠲᠠᠢ ᠶᠤᠮ᠃        ᠪᠠᠶᠠᠨ ᠨᠠᠭᠤᠷ ᠤᠨ ᠡᠳᠦᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ