ᠤᠯᠠᠭᠠᠨ ᠰᠤᠬᠠᠢ — ᠬᠥᠷᠥᠰᠥ ᠰᠢᠷᠣᠢ ᠶᠢ ᠬᠠᠮᠠᠭᠠᠯᠠᠬᠤ ᠰᠠᠶᠢᠨ ᠮᠣᠳᠣ
ᠨᠡᠶᠢᠲᠡᠯᠡᠭᠰᠡᠨ ᠴᠠᠭ᠄
2024/9/5
      ᠠᠮᠠᠷᠬᠠᠨ ᠡᠳᠡᠭᠡᠷᠡᠵᠦ ᠲᠦᠷᠭᠡᠨ ᠤᠷᠭᠤᠬᠤ ᠤᠯᠠᠭᠠᠨ ᠰᠤᠬᠠᠢ ᠪᠣᠯ ᠨᠢᠭᠡ ᠵᠦᠢᠯ ᠤᠨ ᠪᠤᠲᠠᠯᠢᠭ ᠪᠤᠶᠤ ᠪᠣᠭᠤᠨᠢ ᠲᠣᠷᠤᠭ ᠮᠣᠳᠣ ᠪᠣᠯᠤᠨ᠎ᠠ᠃ ᠲᠡᠷᠡ ᠨᠢ ᠬᠠᠬᠢᠷ ᠬᠦᠢᠲᠡᠨ ᠭᠠᠩ ᠬᠠᠭᠤᠷᠠᠢ ᠠᠭᠤᠷ ᠠᠮᠢᠰᠬᠤᠯ ᠳᠤ ᠲᠣᠬᠢᠷᠠᠵᠤ ᠲᠠᠴᠢᠷ ᠨᠢᠮᠭᠡᠨ ᠭᠠᠵᠠᠷ᠂ ᠴᠢᠭᠢᠭᠯᠢᠭ ᠭᠠᠵᠠᠷ᠂ ᠬᠤᠵᠢᠷᠯᠢᠭ ᠭᠠᠵᠠᠷ ᠲᠤ ᠪᠦᠷ ᠰᠠᠶᠢᠨ ᠤᠷᠭᠤᠳᠠᠭ᠃ ᠭᠠᠩ ᠬᠠᠭᠰᠠᠷᠠᠭᠠᠨ ᠲᠠᠢ ᠵᠢᠯ ᠳᠤ ᠣᠯᠠᠩᠬᠢ ᠲᠥᠷᠥᠯ ᠤᠨ ᠮᠣᠳᠣ ᠤᠷᠭᠤᠯᠲᠠ ᠤᠳᠠᠭᠠᠨ ᠪᠣᠯᠵᠤ ᠨᠠᠪᠴᠢ ᠨᠠᠬᠢᠶ᠎ᠠ ᠨᠢ ᠰᠢᠷᠠᠯᠠᠵᠤ ᠬᠠᠳᠠᠬᠤ ᠳᠤ ᠤᠯᠠᠭᠠᠨ ᠰᠤᠬᠠᠢ ᠬᠠᠷᠢᠨ ᠵᠢᠯ ᠳᠤ 20 — 40 ᠰᠠᠨᠲ᠋ᠢᠮᠧᠲᠷ ᠥᠨᠳᠥᠷ ᠤᠷᠭᠤᠵᠤ᠂ ᠤᠷᠭᠤᠵᠤ ᠭᠦᠢᠴᠡᠭᠰᠡᠨ ᠮᠣᠳᠣ ᠶᠢᠨ ᠬᠠᠮᠤᠭ ᠥᠨᠳᠥᠷ ᠨᠢ 5 ᠮᠤᠳ᠋ᠷ ᠪᠣᠯᠳᠠᠭ᠃ ᠤᠯᠠᠭᠠᠨ ᠰᠤᠬᠠᠢ ᠶᠢᠨ ᠨᠠᠪᠴᠢ ᠨᠢ ᠰᠠᠯᠠᠭ᠎ᠠ ᠠᠷᠪᠢᠨ ᠪᠣᠯᠬᠤᠷ ᠪᠡᠶ᠎ᠡ ᠰᠡᠭᠦᠳᠡᠷ ᠶᠡᠬᠡᠲᠡᠢ ᠪᠥᠭᠡᠳ ᠤᠰᠤ ᠬᠠᠳᠠᠭᠠᠯᠠᠨ ᠬᠥᠷᠥᠰᠥ ᠰᠢᠷᠣᠢ ᠶᠢ ᠬᠠᠮᠠᠭᠠᠯᠠᠬᠤ ᠣᠨᠴᠠ ᠦᠢᠯᠡᠳᠦᠯ ᠲᠠᠢ ᠪᠠᠶᠢᠳᠠᠭ᠃ ᠡᠶᠢᠮᠦ ᠠᠴᠠ ᠬᠤᠪᠠᠭ᠋ᠠᠢ ᠬᠤᠭᠤᠰᠣᠨ ᠬᠥᠲᠥᠯ ᠭᠠᠵᠠᠷ ᠢ ᠨᠣᠭᠤᠭᠠᠷᠠᠭᠤᠯᠬᠤ ᠰᠠᠶᠢᠨ ᠮᠣᠳᠣ ᠪᠣᠯᠬᠤ ᠶᠤᠮ᠃ ᠤᠯᠠᠭᠠᠨ ᠰᠤᠬᠠᠢ ᠨᠢ ᠬᠠᠲᠠᠭᠤ᠂ ᠥᠷᠭᠡᠰᠦ ᠦᠭᠡᠢ᠂ ᠲᠣᠰᠣᠯᠢᠭ ᠪᠠᠶᠢᠳᠠᠭ ᠢᠶᠠᠷ ᠢᠶᠠᠨ ᠲᠦᠯᠡᠰᠢ ᠪᠣᠯᠭᠠᠪᠠᠯ ᠭᠠᠯ ᠨᠢ ᠬᠦᠴᠦᠲᠡᠢ ᠪᠠᠶᠢᠳᠠᠭ᠃ ᠨᠠᠮᠠᠭ᠎ᠠ ᠰᠠᠯᠠᠭ᠎ᠠ ᠪᠠᠷ ᠨᠢ ᠰᠠᠭᠰᠤ ᠰᠠᠷᠠᠯᠵᠢ ᠬᠦᠷᠦᠵᠦ ᠪᠣᠯᠬᠤ ᠪᠥᠭᠡᠳ ᠵᠥᠭᠡᠯᠡᠨ ᠨᠠᠮᠠᠭ᠎ᠠ ᠨᠢ ᠪᠠᠰᠠ ᠡᠮ ᠳᠤ ᠣᠷᠣᠵᠤ ᠪᠣᠯᠤᠨ᠎ᠠ᠃ ᠤᠯᠠᠭᠠᠨ ᠰᠤᠬᠠᠢ ᠶᠢ ᠰᠠᠭᠤᠯᠭᠠᠵᠤ ᠲᠠᠷᠢᠳᠠᠭ᠃ ᠲᠠᠷᠢᠭᠠᠳ 3 ᠵᠢᠯ ᠳᠡᠭᠡᠷ᠎ᠡ ᠨᠢ ᠨᠠᠮᠠᠭ᠎ᠠ ᠰᠠᠯᠠᠭ᠎ᠠ ᠶᠢ ᠨᠢ ᠵᠠᠰᠠᠪᠠᠯ ᠤᠯᠠᠮ ᠲᠦᠷᠭᠡᠨ ᠤᠷᠭᠤᠳᠠᠭ᠃  
ᠢᠷᠡᠯᠲᠡ᠄ ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾