ᠮᠣᠩᠭᠤᠯᠴᠤᠳ ᠤᠨ ᠮᠣᠷᠢᠨ ᠤ ᠰᠢᠲᠦᠯᠭᠡ ︵ᠬᠤᠶᠠᠷ︶
ᠨᠡᠶᠢᠲᠡᠯᠡᠭᠰᠡᠨ ᠴᠠᠭ᠄
2024/9/5
      2. ᠬᠦᠷᠡᠯ ᠤᠨ ᠰᠣᠶᠣᠯ ᠤᠨ ᠦᠶ᠎ᠡ ᠶᠢᠨ ᠤᠩᠭᠤ ᠰᠢᠲᠦᠭᠡᠨ ᠤ ᠬᠦᠯᠦᠭ             ᠵᠡᠷᠯᠢᠭ ᠠᠳᠤᠭᠤ ᠶᠢ ᠭᠡᠷᠰᠢᠭᠦᠯᠦᠭᠰᠡᠨ ᠨᠢ ᠠᠳᠤᠭᠤᠨ ᠤ ᠲᠤᠬᠠᠢ ᠪᠠᠯᠠᠷ ᠡᠷᠲᠡᠨ ᠤ ᠬᠥᠮᠥᠰ ᠤᠨ ᠦᠵᠡᠯ ᠤᠬᠠᠮᠰᠠᠷ ᠲᠤ ᠶᠡᠬᠡᠬᠡᠨ ᠬᠤᠪᠢᠷᠠᠯᠲᠠ ᠭᠠᠷᠭᠠᠵᠠᠢ᠃ ᠰᠢᠲᠦᠯᠭᠡ ᠶᠢᠨ ᠬᠤᠪᠢ ᠳᠤ ᠠᠳᠤᠭᠤ ᠨᠢ ᠤᠩᠭᠤᠨ ᠰᠢᠲᠦᠭᠡᠨ ᠤ ᠪᠠᠶᠢᠷᠢ ᠪᠠᠨ ᠬᠠᠳᠠᠭᠠᠯᠠᠭᠰᠠᠭᠠᠷ ᠪᠤᠯᠪᠠᠴᠦ ᠭᠡᠷ ᠤᠨ ᠮᠠᠯ ᠪᠣᠯᠵᠤ ᠬᠥᠮᠥᠨ ᠳᠤ ᠡᠵᠡᠮᠳᠡᠭᠳᠡᠭᠰᠡᠨ ᠨᠥᠯᠥᠭᠡ ᠪᠠᠷ ᠪᠡᠶ᠎ᠡ ᠪᠠᠨ ᠳᠠᠭᠠᠭᠠᠭᠰᠠᠨ ᠤᠩᠭᠤ ᠰᠢᠲᠦᠭᠡᠨ ᠤ ᠪᠠᠶᠢᠷᠢ ᠠᠴᠠ ᠪᠠᠨ ᠬᠥᠮᠥᠨ ᠳᠦᠷᠢ ᠲᠠᠢ ᠤᠩᠭᠤ ᠰᠢᠲᠦᠭᠡᠨ ᠤ ᠬᠦᠯᠦᠭ ᠤᠨᠤᠭ᠎ᠠ ᠶᠢᠨ ᠬᠤᠪᠢ ᠪᠠᠷ ᠤᠯᠠᠨ ᠢᠯᠡᠷᠡᠬᠦ ᠪᠣᠯᠵᠠᠢ᠃ ᠡᠭᠦᠨ ᠠᠴᠠ ᠪᠡᠶ᠎ᠡ ᠪᠠᠨ ᠳᠠᠭᠠᠭᠠᠭᠰᠠᠨ ᠤᠩᠭᠤ ᠰᠢᠲᠦᠭᠡᠨ ᠤ ᠪᠠᠶᠢᠷᠢ ᠠᠴᠠ ᠳᠡᠳ᠋ ᠪᠠᠶᠢᠷᠢ ᠳᠤ ᠰᠢᠯᠵᠢᠵᠦ ᠪᠠᠶᠢᠬᠤ ᠶᠢᠨ ᠢᠯᠡᠷᠡᠯ ᠢ ᠣᠯᠵᠤ ᠬᠠᠷᠠᠨ᠎ᠠ᠃          ᠪᠠᠯᠠᠷ ᠡᠷᠲᠡᠨ ᠤ ᠬᠥᠮᠥᠨ ᠲᠥᠷᠥᠯᠬᠢᠲᠡᠨ ᠮᠣᠷᠢ ᠶᠢ ᠠᠩ ᠭᠦᠷᠦᠭᠡ ᠬᠢᠬᠦ ᠶᠢᠨ ᠢᠶᠠᠨ ᠬᠠᠪᠰᠤᠷᠭ᠎ᠠ ᠪᠤᠯᠭᠠᠬᠤ ᠭᠡᠰᠡᠨ ᠬᠡᠴᠢᠨᠡᠨ ᠮᠢᠩᠭᠠᠨ ᠵᠢᠯ ᠤᠨ ᠬᠦᠰᠡᠯ ᠨᠢ ᠪᠠᠶᠠᠯᠠᠩᠲᠡᠭᠰᠡᠨ ᠠᠴᠠ ᠰᠢᠲᠦᠭᠡᠨ ᠠᠴᠠ ᠨᠢ ᠬᠠᠨᠢ ᠨᠠᠶᠢᠵᠠ ᠶᠢᠨ ᠠᠭᠤᠯᠭ᠎ᠠ ᠭᠠᠷᠴᠤ ᠢᠷᠡᠭᠰᠡᠨ ᠪᠠᠶᠢᠨ᠎ᠠ᠃ ᠡᠨᠡ ᠨᠢ ᠠᠳᠤᠭᠤᠨ ᠤ ᠰᠣᠶᠣᠯ ᠤᠨ ᠭᠤᠷᠪᠠᠳᠠᠭᠴᠢ ᠳᠠᠪᠬᠤᠷᠭ᠎ᠠ ᠠᠭᠤᠯᠭ᠎ᠠ ᠪᠣᠯᠣᠨ᠎ᠠ᠃ ᠰᠢᠨ᠎ᠡ ᠴᠢᠯᠠᠭᠤᠨ ᠵᠡᠪᠰᠡᠭ ᠤᠨ ᠰᠢᠪᠲᠤᠷᠠᠭ᠎ᠠ ᠪᠠ ᠬᠦᠷᠡᠯ ᠤᠨ ᠰᠣᠶᠣᠯ ᠤᠨ ᠡᠬᠢᠨ ᠤ ᠦᠶ᠎ᠡ ᠪᠠᠷ ᠪᠠᠯᠠᠷ ᠡᠷᠲᠡᠨ ᠤ ᠤᠵᠤᠭᠤᠷ ᠢᠷᠭᠡᠳ ᠤᠨ ᠰᠢᠲᠦᠯᠭᠡ ᠨᠢ ᠪᠠᠶᠢᠭᠠᠯᠢ ᠶᠢᠨ ᠤᠷᠭᠤᠮᠠᠯ ᠠᠮᠢᠲᠠᠨ ᠪᠢᠰᠢ ᠪᠣᠯᠵᠤ ᠬᠥᠮᠥᠨ ᠤ ᠳᠦᠷᠢ ᠲᠠᠢ ᠰᠢᠲᠦᠭᠡᠨ ᠪᠣᠯᠤᠭᠰᠠᠨ ᠪᠠᠶᠢᠨ᠎ᠠ᠃             ᠪᠦᠭᠡ ᠮᠥᠷᠭᠦᠯ ᠤᠨ ᠱᠠᠰᠢᠨ ᠤ ᠬᠠᠮᠤᠭ ᠳᠡᠭᠡᠳᠦ ᠰᠢᠲᠦᠭᠡᠨ ᠪᠣᠯ ᠬᠥᠬᠡ ᠮᠥᠩᠬᠡ ᠲᠡᠭᠷᠢ᠂ ᠬᠥᠷᠥᠰᠥᠲᠦ ᠡᠲᠦᠭᠡᠨ ᠳᠡᠯᠡᠬᠡᠢ ᠪᠣᠯᠣᠨ᠎ᠠ᠃ ᠡᠲᠡᠭᠡᠷ ᠰᠢᠲᠦᠭᠡᠨ ᠪᠣᠯᠣᠨ ᠬᠥᠮᠥᠨ ᠤ ᠬᠤᠭᠤᠷᠤᠨᠲᠤᠬᠢ ᠵᠠᠭᠤᠴᠢ ᠪᠣᠯ ᠢᠳᠤᠭᠠᠨ ᠪᠦᠭᠡ ᠨᠠᠷ ᠪᠣᠯᠣᠨ᠎ᠠ᠃ ᠪᠦᠭᠡ ᠢᠳᠤᠭᠠᠨ ᠨᠠᠷ ᠪᠣᠯ ᠡᠲᠡᠭᠡᠷ ᠰᠠᠬᠢᠭᠤᠯᠰᠤᠨ ᠳᠤ ᠬᠥᠮᠥᠰ ᠤᠨ ᠬᠦᠰᠡᠯ ᠨᠠᠶᠢᠲᠠᠯᠭ᠎ᠠ ᠶᠢ ᠳᠠᠮᠵᠢᠭᠤᠯᠵᠤ᠂ ᠡᠵᠡᠳ ᠰᠠᠬᠢᠭᠤᠰᠤ ᠶᠢᠨ ᠰᠠᠨᠠᠭ᠎ᠠ ᠵᠣᠷᠢᠭ᠂ ᠠᠪᠤᠷᠠᠯ ᠰᠤᠨᠳᠠᠭ ᠢ ᠬᠥᠮᠥᠨ ᠲᠥᠷᠥᠯᠬᠢᠲᠡᠨ ᠳᠤ ᠮᠡᠳᠡᠭᠦᠯᠬᠦ ᠪᠠ ᠪᠦᠭᠡᠯᠡᠬᠦ ᠮᠡᠲᠦ ᠶᠢᠨ ᠤᠶᠢᠯᠡ ᠶᠢ ᠭᠦᠢᠴᠡᠳᠬᠡᠳᠡᠭ᠂ ᠪᠦᠭᠡᠯᠡᠬᠦ ᠨᠢ ᠬᠡᠷᠡᠭ ᠳᠡᠭᠡᠷ᠎ᠡ ᠪᠠᠨ ᠳᠦᠷᠰᠦ ᠪᠡᠯᠭᠡᠰᠢᠶᠡᠯ ᠮᠥᠨ᠃         ᠬᠡᠢ ᠮᠣᠷᠢ ᠶᠢᠨ ᠰᠢᠲᠦᠯᠭᠡ ᠨᠢ ᠮᠣᠷᠢᠨ ᠤ ᠴᠤᠭ ᠰᠦᠯᠳᠡ ᠶᠢ ᠰᠢᠲᠦᠳᠡᠭ ᠤᠵᠠᠭᠤᠷᠯᠢᠭ ᠰᠢᠲᠦᠯᠭᠡ ᠶᠢᠨ ᠨᠡᠶᠢᠭᠡᠮᠴᠢᠯᠡᠭᠰᠡᠨ ᠰᠢᠨ᠎ᠡ ᠬᠡᠯᠪᠡᠷᠢ ᠮᠥᠨ᠃ ᠬᠦᠷᠡᠯ ᠤᠨ ᠰᠣᠶᠣᠯ ᠤᠨ ᠦᠶ᠎ᠡ ᠠᠴᠠ ᠠᠪᠤᠭᠠᠳ ᠮᠣᠷᠢ ᠨᠢ ᠰᠢᠲᠦᠭᠡᠨ ᠪᠣᠯᠣᠨ ᠬᠠᠨᠢ ᠨᠠᠶᠢᠵᠠ ᠭᠡᠬᠦ ᠳᠠᠪᠬᠤᠷᠳᠠᠮᠠᠯ ᠰᠣᠶᠣᠯ ᠤᠨ ᠠᠭᠤᠯᠭ᠎ᠠ ᠲᠠᠢ ᠪᠣᠯᠵᠠᠢ᠃ ᠡᠨᠡ ᠨᠢ ᠬᠤᠶᠢᠰᠢᠳᠠ ᠶᠢᠨ ᠬᠥᠭᠵᠢᠯ ᠤᠨ ᠶᠠᠪᠤᠴᠠ ᠳᠠᠭᠠᠨ ᠰᠢᠲᠦᠭᠡᠨ ᠤ ᠬᠤᠪᠢ ᠳᠤ ᠬᠡᠶᠢᠮᠣᠷᠢ᠂ ᠬᠡᠷᠡᠭᠴᠡᠭᠡ ᠶᠢᠨ ᠬᠤᠪᠢ ᠳᠤ ᠪᠣᠳᠠᠲᠠᠢ ᠤᠨᠤᠭ᠎ᠠ ᠬᠦᠯᠦᠭ ᠭᠡᠵᠦ ᠢᠯᠭᠠᠪᠤᠷᠢᠯᠠᠨ ᠰᠠᠯᠵᠤ ᠭᠠᠷᠴᠤ ᠢᠷᠡᠭᠰᠡᠨ ᠪᠠᠶᠢᠨ᠎ᠠ᠃ ᠡᠨᠡ ᠬᠦᠭᠵᠯ ᠤᠨ ᠱᠠᠲᠤᠨ ᠳᠤ ᠪᠣᠳᠠᠲᠤ ᠮᠣᠷᠢ ᠪᠣᠯᠣᠨ ᠬᠥᠮᠥᠨ ᠢᠳᠡᠭᠡᠰᠢᠨ ᠨᠢᠭᠡᠳᠦᠭᠰᠡᠨ ᠢᠶᠠᠷ ᠦᠯᠦ ᠪᠠᠷᠠᠮ᠂ ᠬᠥᠮᠥᠨ ᠰᠢᠲᠦᠭᠡᠨ ᠴᠦ ᠢᠳᠡᠭᠡᠰᠢᠨ ᠨᠢᠭᠡᠳᠦᠭᠰᠡᠨ ᠣᠨᠴᠠᠯᠢᠭ ᠲᠠᠢ ᠪᠣᠯᠵᠠᠢ᠃             ᠾᠦᠩᠨᠦᠴᠦᠳ ᠤᠨ ᠬᠠᠲᠠᠨ ᠵᠢᠷᠤᠭ ᠤᠨ ᠮᠣᠷᠢ ᠪᠣᠯᠣᠨ ᠬᠦᠷᠡᠯ ᠡᠳ᠋ᠯᠡᠯ ᠤᠨ ᠮᠣᠷᠢ ᠪᠣᠯ ᠡᠭᠦᠰᠦᠯ ᠨᠢᠭᠡ ᠬᠡᠪᠰᠢᠯ ᠠᠳᠠᠯᠢ ᠤᠷᠠᠯᠢᠭ ᠤᠨ ᠪᠦᠲᠦᠭᠡᠯ ᠪᠣᠯᠣᠨ᠎ᠠ᠃ ᠤᠮᠠᠷᠠᠲᠤ ᠶᠢᠨ ᠨᠡᠭᠦᠳᠡᠯᠴᠢᠳ ᠤᠨ ᠮᠣᠷᠢᠨ ᠤ ᠰᠢᠲᠦᠯᠭᠡ ᠳᠤ ᠪᠠᠯᠠᠷ ᠡᠷᠲᠡᠨ ᠠᠴᠠ ᠤᠯᠠᠮᠵᠢᠯᠠᠯ ᠲᠠᠢ ᠵᠦᠯᠳᠡ ᠰᠢᠲᠦᠯᠭᠡ ᠴᠦ ᠨᠡᠶᠢᠳᠡᠮ ᠣᠷᠣᠰᠢᠵᠤ ᠪᠠᠶᠢᠵᠠᠢ᠃ ᠵᠦᠯᠳᠡ ᠰᠢᠲᠦᠯᠭᠡ ᠶᠢᠨ ᠪᠠᠷᠢᠮᠲᠠ ᠮᠣᠩᠭᠤᠯ ᠤᠨ ᠥᠨᠳᠦᠷᠯᠢᠭ ᠤᠨ ᠡᠮᠦᠨ᠎ᠡ ᠵᠠᠬ᠎ᠠ ᠳᠤ 8000 ᠵᠢᠯ ᠤᠨ ᠲᠡᠷᠲᠡᠭᠡ ᠳᠤ ᠣᠷᠣᠰᠢᠵᠤ ᠪᠠᠶᠢᠭᠰᠠᠨ ᠰᠢᠩ ᠯᠦᠩ ᠸᠠ ᠶᠢᠨ ᠰᠣᠶᠣᠯ ᠤᠨ ᠪᠠᠭᠤᠷᠢ ᠠᠴᠠ ᠠᠩᠬ᠎ᠠ ᠢᠯᠡᠷᠡᠭᠰᠡᠨ ᠪᠠᠶᠢᠳᠠᠭ᠃ ᠠᠮᠢᠲᠠᠨ ᠤ ᠲᠣᠯᠣᠭᠠᠢ᠂ ᠠᠮᠢᠰᠬᠤᠬᠤ ᠡᠷᠬᠡᠲᠡᠨ ᠤ ᠬᠡᠯᠬᠢᠶ᠎ᠡ - ᠮᠦᠭᠡᠷᠰᠦᠨ ᠬᠤᠭᠤᠯᠠᠢ᠂ ᠠᠭᠤᠰᠬᠢ᠂ ᠵᠢᠷᠦᠬᠡ ᠵᠢᠴᠢ ᠲᠦᠷᠪᠡᠨ ᠰᠢᠭᠢᠷ᠎ᠡ ᠲᠠᠢ ᠨᠢ ᠦᠷᠭᠦᠯᠵᠢ ᠥᠪᠴᠢᠭᠰᠡᠨ ᠠᠷᠠᠰᠤᠨ ᠳᠤᠨᠢ ᠠᠮᠢᠲᠠᠨ ᠤ ᠰᠦᠨᠡᠰᠦ ᠣᠷᠣᠰᠢᠳᠠᠭ ᠭᠡᠵᠦ ᠦᠵᠡᠳᠡᠭ᠃ ᠢᠩᠭᠢᠵᠦ ᠲᠣᠯᠣᠭᠠᠢ᠂ ᠠᠮᠢᠰᠬᠤᠬᠤ ᠡᠷᠬᠡᠲᠡᠨ ᠤ ᠬᠡᠯᠬᠢᠶ᠎ᠡ᠂ ᠵᠢᠷᠦᠬᠡ᠂ ᠠᠷᠠᠰᠤ ᠲᠦᠷᠪᠡᠨ ᠰᠢᠭᠢᠷ᠎ᠡ ᠲᠠᠢ ᠨᠢ ᠦᠷᠭᠦᠯᠵᠢ ᠠᠪᠤᠭᠰᠠᠨ ᠲᠣᠯᠣᠭᠠᠢ ᠵᠦᠯᠳᠡ ᠭᠡᠲᠡᠭ᠃ ᠡᠨᠡ ᠨᠢ ᠪᠦᠭᠡ ᠮᠥᠷᠭᠦᠯ ᠤᠨ ᠱᠠᠰᠢᠨ ᠤ ᠰᠦᠨᠡᠰᠦ ᠰᠢᠲᠦᠯᠭᠡ ᠠᠴᠠ ᠡᠬᠢ ᠲᠠᠢ ᠰᠣᠶᠣᠯ ᠤᠨ ᠦᠵᠡᠭᠳᠡᠯ ᠪᠣᠯᠣᠨ᠎ᠠ᠃     
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ