ᠮᠣᠩᠭᠤᠯᠴᠤᠳ ᠤᠨ ᠮᠣᠷᠢᠨ ᠤ ᠰᠢᠲᠦᠯᠭᠡ ︵ᠭᠤᠷᠪᠠ︶
ᠨᠡᠶᠢᠲᠡᠯᠡᠭᠰᠡᠨ ᠴᠠᠭ᠄
2024/9/5
      3. ᠮᠣᠩᠭᠤᠯᠴᠤᠳ ᠤᠨ ᠮᠣᠷᠢᠨ ᠤ ᠰᠢᠲᠦᠯᠭᠡ             ᠮᠣᠩᠭᠤᠯᠴᠤᠳ ᠤᠨ ᠮᠣᠷᠢᠨ ᠤ ᠰᠢᠲᠦᠯᠭᠡ ᠳᠤ ᠤᠩᠭᠤ ᠰᠢᠲᠦᠭᠡᠨ ︵ᠳᠡᠭᠡᠳᠦ ᠰᠢᠲᠦᠭᠡᠨ︶ ᠤ ᠰᠢᠲᠦᠯᠭᠡ᠂ ᠵᠦᠯᠳᠡ ᠰᠢᠲᠦᠯᠭᠡ ︵ᠰᠦᠨᠡᠰᠦ ᠰᠢᠲᠦᠯᠭᠡ︶᠂ ᠮᠣᠷᠢᠨ ᠤ ᠪᠡᠶ᠎ᠡ ᠪᠠᠶᠢᠳᠠᠯ᠂ ᠵᠠᠩ ᠠᠷᠠᠨᠰᠢᠨ ᠢ ᠪᠠᠭᠲᠠᠭᠠᠭᠰᠠᠨ ᠭᠤᠸ᠎ᠠ ᠲᠠᠭᠠᠰᠢᠶᠠᠯ᠂ ᠤᠶᠢᠯᠡ ᠬᠢᠳᠡᠯ᠂ ᠠᠮᠢ ᠨᠠᠰᠤ ᠪᠠᠨ ᠬᠤᠯᠪᠣᠭᠰᠠᠨ ᠡᠯᠢᠭᠡ ᠦᠨᠲᠡᠯᠵᠡᠮ᠎ᠡ ᠰᠢᠲᠦᠯᠴᠡᠭᠡᠰᠡᠨ ᠰᠡᠳᠬᠢᠯᠭᠡ ᠵᠡᠷᠭᠡ ᠤᠯᠠᠨ ᠳᠠᠪᠬᠤᠷᠭ᠎ᠠ ᠰᠣᠶᠣᠯ ᠤᠨ ᠠᠭᠤᠯᠭ᠎ᠠ ᠠᠭᠤᠯᠤᠭᠳᠠᠵᠤ ᠪᠠᠶᠢᠳᠠᠭ᠃                 ᠮᠣᠩᠭᠤᠯᠴᠤᠳ ᠤᠨ ᠮᠣᠷᠢᠨ ᠤ ᠤᠩᠭᠤ ᠰᠢᠲᠦᠯᠭᠡ ᠨᠢ ᠬᠠᠲᠠᠨ ᠳᠡᠭᠡᠷ᠎ᠡ ᠵᠢᠷᠤᠬᠤ᠂ ᠡᠯ᠎ᠡ ᠵᠦᠢᠯ ᠤᠨ ᠡᠷᠳᠡᠨᠢ ᠴᠢᠯᠠᠭᠤᠳ ᠢᠶᠠᠷ ᠱᠤᠭᠤᠬᠤ᠂ ᠠᠯᠲᠠ ᠮᠥᠩᠭᠦ᠂ ᠬᠦᠷᠡᠯ ᠭᠠᠤᠯᠢ ᠪᠠᠷ ᠴᠢᠳᠬᠤᠬᠤ ᠮᠡᠲᠦ ᠪᠠᠷ ᠤᠵᠠᠭᠤᠷ ᠤᠯᠠᠮᠵᠢᠯᠠᠯ ᠢᠶᠠᠨ ᠬᠡᠪ ᠢᠶᠠᠷ ᠵᠠᠯᠭᠠᠮᠵᠢᠯᠠᠭᠰᠠᠨ ᠢᠶᠠᠷ ᠪᠠᠷᠠᠬᠤ ᠦᠭᠡᠢ ᠪᠥᠰ ᠲᠣᠷᠭᠠᠨ ᠳᠠᠯᠪᠠᠭ᠎ᠠ ᠳᠡᠭᠡᠷ᠎ᠡ ᠪᠠᠷᠯᠠᠵᠤ ᠬᠡᠶᠢᠮᠣᠷᠢ ᠬᠡᠮᠡᠨ ᠬᠡᠶᠢᠰᠬᠡᠵᠦ ᠲᠦᠭᠡᠮᠡᠯᠵᠢᠭᠦᠯᠦᠭᠰᠡᠨ ᠪᠠᠶᠢᠨ᠎ᠠ᠃             ᠮᠣᠩᠭᠤᠯᠴᠤᠳ ᠤᠨ ᠳᠤᠮᠳᠠ ᠮᠣᠷᠢᠨ ᠤ ᠰᠦᠨᠡᠰᠦᠨ ᠰᠢᠲᠦᠯᠭᠡ - ᠵᠦᠯᠳᠡ ᠰᠢᠲᠦᠯᠭᠡ ᠮᠥᠨ ᠤᠯᠠᠮᠵᠢᠯᠠᠨ ᠬᠠᠳᠠᠭᠠᠯᠠᠭᠳᠠᠭᠰᠠᠭᠠᠷ ᠪᠠᠶᠢᠨ᠎ᠠ᠃        
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ